ᠲᠦᠴᠢᠦᠸᠠᠨ ᠰᠢᠶᠠᠨ ᠤ 2025 ᠣᠨ ᠤ ᠮᠣᠭᠠᠶ ᠵᠢᠯ ᠤᠨ ᠴᠠᠭᠠᠨ ᠰᠠᠷ᠎ᠠ ᠶᠢᠨ ᠦᠳᠡᠰᠢᠯᠡᠭᠡ ᠶᠢᠨ ᠪᠣᠯᠪᠠᠰᠤᠷᠠᠯ ᠤᠨ ᠠᠵᠢᠯ ᠮᠠᠰᠢ ᠶᠠᠭᠠᠷᠠᠯᠲᠠᠶ ᠶᠠᠪᠤᠭᠳᠠᠨ᠎ᠠ
ᠨᠡᠶᠢᠲᠡᠯᠡᠭᠰᠡᠨ ᠴᠠᠭ᠄
2024/12/19
   ᠮᠣᠭᠠᠶ ᠵᠢᠯ ᠴᠠᠭᠠᠨ ᠰᠠᠷ᠎ᠠ ᠣᠶᠢᠷᠠᠲᠤᠵᠤ᠂ ᠣᠯᠠᠨ ᠤ ᠠᠩᠬᠠᠷᠤᠯ ᠢ ᠲᠠᠲᠠᠭᠰᠠᠨ 2025 ᠣᠨ ᠤ ᠲᠦᠴᠢᠦᠸᠠᠨ ᠰᠢᠶᠠᠨ ᠤ ᠴᠠᠭᠠᠨ ᠰᠠᠷ᠎ᠠ ᠶᠢᠨ ᠦᠳᠡᠰᠢᠯᠡᠭᠡ ᠶᠠᠭ ᠶᠠᠭᠠᠷᠠᠯᠲᠠᠶ ᠪᠡᠯᠡᠳᠬᠡᠵᠦ ᠪᠣᠶ᠂ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠬᠤ ᠠᠵᠢᠯᠲᠠᠳ ᠶᠠᠭ ᠱᠠᠯᠠᠪᠳᠠᠨ ᠪᠣᠯᠪᠠᠰᠤᠷᠠᠵᠤ᠂ ᠪᠥᠬᠦ ᠰᠢᠶᠠᠨ ᠤ ᠠᠷᠠᠳ ᠲᠦᠮᠡᠨ ᠳᠤ ᠭᠤᠶᠢᠳᠠ ᠰᠠᠶᠢᠬᠠᠨ ᠴᠠᠭᠠᠨ ᠰᠠᠷ᠎ᠠ ᠶᠢᠨ ᠦᠳᠡᠰᠢᠯᠡᠭᠡ ᠭᠠᠷᠭᠠᠬᠤ ᠪᠠᠷ ᠴᠢᠷᠮᠠᠶᠢᠵᠤ ᠪᠠᠶᠢᠨ᠎ᠠ᠃    ᠲᠦᠴᠢᠦᠸᠠᠨ ᠰᠢᠶᠠᠨ ᠤ ᠤᠯᠠᠭᠠᠨᠮᠥ᠋ᠴᠢᠷ ᠤᠨ ᠪᠣᠯᠪᠠᠰᠤᠷᠠᠯ ᠤᠨ ᠲᠢᠩᠬᠢᠮ ᠳᠤ ᠣᠷᠣᠬᠤ ᠳᠤ᠂ ᠲᠣᠭᠯᠠᠭᠴᠢᠳ ᠳᠠᠭᠤᠤ ᠬᠥᠭᠵᠢᠮ ᠤᠨ ᠠᠶᠢᠵᠠᠮ ᠢ ᠲᠠᠭᠠᠯᠳᠤᠵᠤ᠂ ᠪᠥᠵᠢᠭ ᠤᠨ ᠬᠥᠳᠡᠯᠭᠡᠭᠡᠨ ᠨᠢᠭᠡᠪᠦᠷᠢ ᠶᠢ ᠨᠠᠷᠢᠨ ᠬᠢᠨᠠᠮᠠᠭᠠᠢ ᠪᠣᠯᠪᠠᠰᠤᠷᠠᠵᠤ ᠪᠠᠶᠢᠯ᠎ᠠ᠃ ᠤᠯᠠᠭᠠᠨᠮᠥ᠋ᠴᠢᠷ ᠤᠨ ᠭᠡᠰᠢᠭᠦᠳ ᠨᠢᠭᠡ ᠲᠠᠯ᠎ᠠ ᠪᠠᠷ ᠨᠠᠷᠢᠨ ᠨᠢᠮᠪᠠᠶ ᠵᠢᠯᠣᠭᠤᠳᠴᠤ᠂ ᠬᠥᠳᠡᠯᠭᠡᠭᠡᠨ ᠨᠢᠭᠡᠪᠦᠷᠢ ᠶᠢ ᠨᠢᠭᠲᠠ ᠠᠴᠠ ᠨᠢᠭᠲᠠ ᠬᠢᠬᠦ ᠪᠠᠷ ᠴᠢᠷᠮᠠᠶᠢᠵᠤ ᠪᠠᠶᠢᠨ᠎ᠠ᠃
   ︽ᠡᠨᠡ ᠤᠳᠠᠭ᠎ᠠ ᠶᠢᠨ ᠴᠠᠭᠠᠨ ᠰᠠᠷ᠎ᠠ ᠶᠢᠨ ᠦᠳᠡᠰᠢᠯᠡᠭᠡ ᠶᠢᠨ ᠲᠣᠭᠯᠠᠯᠲᠠ ᠳᠤ ᠪᠢ ᠬᠡᠳᠦ ᠬᠡᠳᠦᠨ ᠲᠣᠭᠯᠠᠯᠲᠠ ᠲᠣᠬᠢᠷᠠᠭᠤᠯᠵᠠᠢ᠂ ᠤᠳᠤ ᠡᠳᠦᠷ ᠨᠢ ᠦᠨᠳᠦᠰᠦᠨ ᠳᠡᠭᠡᠨ ᠪᠤᠰᠤᠳ ᠲᠣᠭᠯᠠᠭᠴᠢ ᠲᠠᠢ ᠬᠠᠮᠲᠤ ᠪᠣᠯᠪᠠᠰᠤᠷᠠᠵᠤ ᠪᠠᠶᠢᠨ᠎ᠠ ᠂ ᠤᠷᠤᠢ ᠭᠡᠷ ᠲᠡᠭᠡᠨ ᠬᠠᠷᠢᠭᠰᠠᠨ ᠤ ᠳᠠᠷᠠᠭ᠎ᠠ ᠲᠠᠶᠢᠰᠠᠨ ᠤ ᠦᠭᠡ ᠴᠡᠭᠡᠵᠢᠯᠡᠵᠦ᠂ ᠬᠥᠳᠡᠯᠭᠡᠭᠡᠨ ᠢᠶᠠᠨ ᠪᠣᠯᠪᠠᠰᠤᠷᠠᠨ᠎ᠠ ᠂ ᠬᠡᠳᠦᠶᠢᠪᠡᠷ ᠮᠠᠰᠢ ᠵᠦᠳᠡᠷᠡᠯᠲᠡᠢ ᠪᠣᠯᠪᠠᠴᠤ᠂ ᠪᠢ ᠬᠠᠮᠤᠭ ᠰᠠᠶᠢᠨ ᠲᠣᠭᠯᠠᠯᠲᠠ ᠪᠠᠨ ᠤᠯᠠᠨ ᠳᠤ ᠢᠯᠡᠷᠡᠭᠦᠯᠬᠦ ᠶᠢ ᠬᠦᠰᠡᠵᠦ ᠪᠠᠶᠢᠨ᠎ᠠ᠃︾ ᠭᠡᠵᠦ ᠲᠦᠴᠢᠦᠸᠠᠨ ᠰᠢᠶᠠᠨ ᠤ ᠤᠯᠠᠭᠠᠨᠮᠥ᠋ᠴᠢᠷ ᠤᠨ ᠲᠣᠭᠯᠠᠭᠴᠢ ᠶᠢᠨ ᠠᠩᠭᠢ ᠶᠢᠨ ᠳᠡᠳ᠋ ᠳᠠᠷᠤᠭ᠎ᠠ ᠡᠦ ᠵᠢᠶᠠᠨ ᠫᠢᠩ ᠲᠠᠨᠢᠯᠴᠠᠭᠤᠯᠪᠠ᠃    2025 ᠣᠨ ᠪᠣᠯ ᠤᠯᠠᠮᠵᠢᠯᠠᠯᠲᠤ ᠪᠢᠯᠢᠭ ᠤᠨ ᠤᠯᠠᠷᠢᠯ ᠤᠨ ᠮᠣᠭᠠᠶ ᠵᠢᠯ ᠪᠣᠯᠤᠨ᠎ᠠ᠂ ᠴᠠᠭᠠᠨ ᠰᠠᠷ᠎ᠠ ᠶᠢᠨ ᠦᠳᠡᠰᠢᠯᠡᠭᠡ ᠨᠢ ᠬᠥᠮᠦᠰ ᠤᠨ ᠰᠢᠨ᠎ᠡ ᠵᠢᠯ ᠤᠨ ᠵᠥᠩᠨᠡᠯ ᠪᠠ ᠬᠦᠰᠡᠯ ᠡᠷᠡᠮᠡᠯᠵᠡᠯ ᠢ ᠠᠴᠢᠶᠠᠯᠠᠵᠤ ᠪᠠᠶᠢᠳᠠᠭ᠃ ᠣᠳᠣᠬᠠᠨ ᠳᠤ᠂ ᠴᠠᠭᠠᠨ ᠰᠠᠷ᠎ᠠ ᠶᠢᠨ ᠦᠳᠡᠰᠢᠯᠡᠭᠡ ᠶᠢᠨ ᠪᠦᠬᠦᠯᠢ ᠴᠣᠭᠴᠠ ᠶᠢᠨ ᠠᠵᠢᠯ ᠳᠡᠭᠡᠭᠰᠢᠯᠡᠬᠦ ᠱᠠᠲᠤᠨ ᠳᠤ ᠣᠷᠣᠵᠤ᠂ ᠤᠳᠤᠷᠢᠳᠤᠭᠠᠴᠢ ᠶᠢᠨ ᠳᠤᠭᠤᠶᠢᠯᠠᠩ ᠠᠳᠠᠯᠢ ᠪᠤᠰᠤ ᠲᠣᠭᠯᠠᠯᠲᠠ ᠶᠢᠨ ᠬᠡᠯᠪᠡᠷᠢ ᠳᠤ ᠴᠢᠭᠯᠡᠭᠦᠯᠦᠨ᠂ ᠤᠯᠠᠮ ᠨᠢᠭᠡ ᠠᠯᠬᠤᠮ ᠪᠣᠯᠪᠠᠰᠤᠷᠠᠭᠤᠯᠵᠤ᠂ ᠡᠭᠦᠨ ᠤ ᠤᠯᠠᠮ ᠢᠶᠠᠷ ᠲᠦᠴᠢᠦᠸᠠᠨ ᠰᠢᠶᠠᠨ ᠤ ᠣᠶᠢᠷ᠎ᠠ ᠶᠢᠨ ᠵᠢᠯ ᠤᠨ ᠲᠤᠷᠰᠢᠬᠢ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠣᠯᠤᠭᠰᠠᠨ ᠡᠯᠪᠡᠭ ᠪᠠᠶᠠᠯᠢᠭ ᠦᠷ᠎ᠡ ᠪᠦᠲᠦᠭᠡᠯ ᠪᠣᠯᠤᠨ ᠲᠦᠴᠢᠦᠸᠠᠨ ᠰᠢᠶᠠᠨ ᠤ ᠥᠷᠭᠡᠨ ᠣᠯᠠᠨ ᠺᠠᠳ᠋ᠷ ᠣᠯᠠᠨ ᠲᠦᠮᠡᠨ ᠤ ᠨᠤᠲᠤᠭ ᠤᠰᠤ ᠪᠠᠨ ᠬᠠᠶᠢᠷᠠᠯᠠᠬᠤ᠂ ᠪᠦᠯᠬᠦᠮᠳᠡᠨ ᠳᠠᠪᠰᠢᠬᠤ᠂ ᠡᠷᠡᠯᠬᠡᠭᠯᠡᠨ ᠲᠡᠮᠡᠴᠡᠬᠦ ᠣᠶᠤᠨ ᠰᠠᠨᠠᠭᠠᠨ ᠤ ᠳᠦᠷᠰᠦ ᠪᠠᠶᠢᠳᠠᠯ ᠢ ᠪᠦᠬᠦ ᠲᠠᠯ᠎ᠠ ᠪᠠᠷ ᠳᠡᠯᠭᠡᠨ ᠦᠵᠡᠭᠦᠯᠬᠦ ᠪᠣᠯᠤᠨ᠎ᠠ᠃
   ︽ᠣᠳᠣᠬᠠᠨ ᠳᠤ᠂ ᠲᠦᠴᠢᠦᠸᠠᠨ ᠰᠢᠶᠠᠨ ᠤ 2025 ᠣᠨ ᠤ ᠴᠠᠭᠠᠨ ᠰᠠᠷ᠎ᠠ ᠶᠢᠨ ᠦᠳᠡᠰᠢᠯᠡᠭᠡ ᠶᠢᠨ ᠫᠷᠤᠭ᠍ᠷᠠᠮ ᠶᠠᠭ ᠶᠠᠭᠠᠷᠠᠯᠲᠠᠶ ᠪᠣᠯᠪᠠᠰᠤᠷᠠᠵᠤ ᠪᠣᠶ᠂ 12 ᠰᠠᠷ᠎ᠠ ᠶᠢᠨ 31 ᠤ ᠡᠳᠦᠷ ᠵᠠᠯᠠᠭᠤᠴᠤᠳ ᠪᠠᠭᠠᠴᠤᠳ ᠤᠨ ᠠᠵᠢᠯᠯᠠᠭᠠᠨ ᠤ ᠲᠥᠪ ᠲᠤ ᠰᠢᠨ᠎ᠡ ᠵᠢᠯ ᠤᠨ ᠪᠠᠶᠠᠷ ᠤᠨ ᠲᠣᠭᠯᠠᠯᠲᠠ ᠭᠠᠷᠭᠠᠬᠤ ᠪᠠᠷ ᠲᠥᠯᠥᠪᠯᠡᠵᠦ ᠪᠣᠶ᠂ ᠳᠠᠭᠤᠤ ᠪᠥᠵᠢᠭ᠂ ᠰᠢ ᠵᠦᠴᠦᠭᠡ᠂ ᠪᠠᠭᠠᠴᠤᠳ ᠤᠨ ᠪᠥᠵᠢᠭ ᠵᠡᠷᠭᠡ ᠲᠣᠭᠯᠠᠯᠲᠠ ᠪᠠᠷ ᠳᠠᠮᠵᠢᠭᠤᠯᠤᠨ᠂ ᠮᠠᠨ ᠤ ᠰᠢᠶᠠᠨ ᠤ ᠡᠯ᠎ᠡ ᠵᠦᠶᠯ ᠤᠨ ᠠᠵᠢᠯ ᠦᠶᠯᠡᠰ ᠤᠨ ᠴᠢᠨᠠᠷ ᠰᠠᠶᠢᠲᠠᠶ ᠬᠥᠭᠵᠢᠯᠲᠡ ᠶᠢ ᠢᠯᠡᠷᠡᠭᠦᠯᠵᠦ᠂ ᠴᠡᠴᠡᠭᠯᠡᠨ ᠬᠥᠭᠵᠢᠭᠰᠡᠨ ᠳᠦᠷᠰᠦ ᠪᠠᠶᠢᠳᠠᠯ ᠢ ᠢᠯᠡᠷᠡᠭᠦᠯᠵᠦ᠂ ᠪᠥᠬᠦ ᠰᠢᠶᠠᠨ ᠤ ᠣᠯᠠᠨ ᠲᠦᠮᠡᠨ ᠳᠤ ᠨᠢᠭᠡ ᠤᠳᠠᠭᠠᠨ ᠤ ᠭᠤᠶᠢᠳᠠ ᠰᠠᠶᠢᠬᠠᠨ ᠰᠣᠶᠣᠯ ᠤᠨ ᠠᠮᠲᠠᠲᠤ ᠬᠤᠭᠤᠯᠠ ᠠᠪᠴᠢᠷᠠᠬᠤ ᠶᠢ ᠬᠦᠰᠡᠵᠦ ᠪᠠᠶᠢᠨ᠎ᠠ᠃︾ ᠭᠡᠵᠦ ᠲᠦᠴᠢᠦᠸᠠᠨ ᠰᠢᠶᠠᠨ ᠤ ᠤᠯᠠᠭᠠᠨᠮᠥ᠋ᠴᠢᠷ ᠤᠨ ᠳᠠᠷᠤᠭ᠎ᠠ᠂ ᠴᠠᠭᠠᠨ ᠰᠠᠷ᠎ᠠ ᠶᠢᠨ ᠦᠳᠡᠰᠢᠯᠡᠭᠡ ᠶᠢᠨ ᠶᠡᠷᠦᠩᠬᠡᠢ ᠤᠳᠤᠷᠢᠳᠤᠭᠠᠴᠢ ᠳ᠋ᠦᠩ ᠶᠢᠨ ᠮᠧᠢ ᠲᠠᠨᠢᠯᠴᠠᠭᠤᠯᠪᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号