︽ᠸᠢᠴᠠᠲ ᠢᠶᠠᠷ ᠲᠣᠭᠠᠴᠠᠭ᠎ᠠ ᠬᠢᠬᠦ ᠳᠤ ︿ᠮᠥᠷᠭᠦᠯᠳᠦᠬᠦᠯᠵᠦ﹀ ᠲᠣᠭᠠᠴᠠᠭ᠎ᠠ ᠬᠢᠬᠦ︾ ᠪᠣᠯᠪᠠ ᠬᠡᠨ᠎ᠡ ᠤᠤ︖
ᠨᠡᠶᠢᠲᠡᠯᠡᠭᠰᠡᠨ ᠴᠠᠭ᠄
2024/12/11
   ᠣᠶᠢᠷ᠎ᠠ ᠳᠤ᠂ ᠵᠠᠷᠢᠮ ᠰᠦᠯᠵᠢᠶᠡᠨ ᠳᠡᠭᠡᠷ᠎ᠡ ︽ᠸᠢᠴᠠᠲ ᠢᠶᠠᠷ ᠲᠣᠭᠠᠴᠠᠭ᠎ᠠ ᠬᠢᠬᠦ ᠳᠤ ︿ᠮᠥᠷᠭᠦᠯᠳᠦᠬᠦᠯᠵᠦ﹀ ᠲᠣᠭᠠᠴᠠᠭ᠎ᠠ ᠬᠢᠬᠦ ᠠᠷᠭ᠎ᠠ ᠮᠠᠶ᠋ᠢᠭ ᠢ ᠬᠡᠷᠡᠭᠯᠡᠬᠦ ᠪᠤᠯᠵᠠᠢ︾ ᠭᠡᠰᠡᠨ ᠮᠡᠳᠡᠭᠡ ᠳᠠᠮᠵᠢᠭᠳᠠᠵᠤ ᠪᠠᠶᠢᠨ᠎ᠠ᠃    12 ᠰᠠᠷ᠎ᠠ ᠶᠢᠨ 3 ᠤ ᠡᠳᠦᠷ᠂ ᠸᠢᠴᠠᠲ ᠤᠨ ᠲᠣᠭᠠᠴᠠᠭ᠎ᠠ ᠬᠢᠬᠦ ᠠᠯᠪᠠᠨ ᠰᠦᠯᠵᠢᠶ᠎ᠡ ᠶᠢᠨ ᠬᠢᠨ ᠬᠤᠳᠠᠯ ᠬᠠᠭᠤᠷᠮᠠᠭ ︽ᠸᠢᠴᠠᠲ ᠤᠨ ᠮᠥᠷᠭᠦᠯᠳᠦᠬᠦᠯᠵᠦ ᠲᠣᠭᠠᠴᠠᠭ᠎ᠠ ᠬᠢᠬᠦ︾(微信碰一碰支付) ᠶᠢ ᠰᠡᠷᠭᠡᠶᠢᠯᠡᠬᠦ ᠲᠤᠬᠠᠶ ᠣᠷᠣᠯᠠᠨ ᠭᠦᠢᠴᠡᠳᠬᠡᠬᠦ ᠬᠤᠯᠪᠣᠭ᠎ᠠ ᠶᠢᠨ ᠲᠦᠭᠰᠢᠭᠦᠷᠢ ᠶᠢᠨ ᠰᠠᠨᠠᠭᠤᠯᠤᠮᠵᠢ ᠨᠡᠶᠢᠲᠡᠯᠡᠵᠦ ᠬᠡᠯᠡᠬᠦ ᠳᠡᠭᠡᠨ᠂ ᠣᠶᠢᠷ᠎ᠠ ᠳᠤ ᠸᠢᠴᠠᠲ ᠤᠨ ᠲᠣᠭᠠᠴᠠᠭ᠎ᠠ ᠬᠢᠬᠦ ᠴᠢᠳᠡᠮᠵᠢ ᠶᠢᠨ ᠬᠢᠨ᠂ ᠵᠠᠬ᠎ᠠ ᠳᠡᠯᠭᠡᠭᠦᠷ ᠳᠡᠭᠡᠷ᠎ᠡ ᠣᠨᠴᠠ ᠵᠠᠷᠢᠮ ᠪᠠᠶᠢᠭᠤᠯᠤᠮᠵᠢ ᠡᠯ᠎ᠡ ᠲᠥᠷᠥᠯ ᠤᠨ ᠢᠨᠲ᠋ᠧᠷ ᠰᠦᠯᠵᠢᠶᠡᠨ ᠤ ᠲᠠᠪᠴᠠᠩ ᠳᠡᠭᠡᠷ᠎ᠡ ︽ᠸᠢᠴᠠᠲ ᠤᠨ ᠮᠥᠷᠭᠦᠯᠳᠦᠬᠦᠯᠵᠦ ᠲᠣᠭᠠᠴᠠᠭ᠎ᠠ ᠬᠢᠬᠦ︾ ︽ᠸᠢᠴᠠᠲ ᠤᠨ ᠮᠦᠷᠭᠦᠯᠳᠦᠭᠦᠯᠦᠭᠡᠳ ᠠᠪᠤᠪᠠᠯ ᠲᠣᠭᠠᠴᠠᠭ᠎ᠠ ᠬᠢᠬᠦ︾ ᠵᠡᠷᠭᠡ ᠬᠠᠮᠢᠶ᠎ᠠ ᠪᠥᠬᠦᠶ ᠤᠶᠢᠯᠡᠳᠬᠦᠨ ᠤ ᠦᠵᠡᠭᠦᠯᠭᠡ ᠵᠢᠴᠢ ᠣᠷᠣᠯᠠᠨ ᠭᠦᠶᠴᠡᠳᠬᠡᠬᠦ ᠬᠤᠯᠪᠣᠭ᠎ᠠ ᠶᠢᠨ ᠮᠡᠳᠡᠭᠡ ᠵᠠᠩᠭᠢ ᠶᠢ ᠨᠡᠶᠢᠲᠡᠯᠡᠵᠦ ᠪᠠᠶᠢᠨ᠎ᠠ ᠬᠡᠰᠡᠨ ᠬᠠᠷᠢᠭᠤ ᠲᠤᠰᠬᠠᠯ ᠢ ᠣᠯᠪᠠ᠂ ᠬᠤᠳᠠᠯᠳᠤᠭᠠᠴᠢᠨ ᠵᠢᠴᠢ ᠬᠠᠮᠲᠤᠷᠠᠨ ᠠᠵᠢᠯᠯᠠᠬᠤ ᠬᠠᠨᠢᠲᠠᠨ ᠤ ᠡᠶᠢᠮᠦᠷᠬᠦ ᠮᠡᠳᠡᠭᠡ ᠵᠠᠩᠭᠢ ᠠᠴᠠ ᠪᠣᠯᠵᠣ ᠬᠤᠬᠢᠷᠠᠯ ᠠᠮᠰᠠᠬᠤ ᠶᠢ ᠰᠡᠷᠭᠡᠶᠢᠯᠡᠬᠦ ᠶᠢᠨ ᠲᠥᠯᠥᠭᠡ ᠂ ᠸᠢᠴᠠᠲ ᠤᠨ ᠲᠣᠭᠠᠴᠠᠭ᠎ᠠ ᠬᠢᠬᠦ ᠴᠢᠳᠡᠮᠵᠢ ᠶᠢᠨ ᠬᠢᠨ ᠣᠳᠣᠬᠠᠨ ᠳᠤ ︽ᠮᠦᠷᠭᠦᠯᠳᠦᠬᠦᠯᠵᠦ ᠲᠣᠭᠠᠴᠠᠭ᠎ᠠ ᠬᠢᠬᠦ︾ ᠬᠠᠮᠢᠶ᠎ᠠ ᠪᠥᠬᠦᠶ ᠤᠶᠢᠯᠡᠳᠬᠦᠨ ᠢ ᠭᠠᠷᠭᠠᠭᠰᠠᠨ ᠥᠬᠡᠶ ᠭᠡᠵᠦ ᠠᠳᠡ ᠲᠥᠪ ᠴᠢᠩᠭ᠎ᠠ ᠪᠠᠷ ᠢᠯᠡᠷᠬᠡᠶᠢᠯᠡᠵᠦ ᠪᠠᠶᠢᠨ᠎ᠠ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号