ᠬᠤᠯᠠ ᠵᠠᠮ ᠤᠨ ᠲᠡᠭᠡᠭᠡᠪᠦᠷᠢ ᠶᠢᠨ ᠶᠠᠪᠤᠴᠠ ᠳᠤ ᠡᠷᠬᠡᠪᠰᠢ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ᠂ | ᠡᠰᠡ ᠲᠡᠭᠡᠪᠡᠯ ᠦᠬᠡᠷ ᠡᠪᠡᠳᠴᠢᠯᠡᠵᠦ ᠦᠬᠦᠬᠦ᠂ ᠶᠠᠰᠤ ᠨᠢ ᠬᠤᠭᠤᠷᠠᠬᠤ ᠵᠢᠴᠢ ᠠᠷᠠᠰᠤ᠂ ᠪᠤᠯᠴᠢᠩ᠂ ᠲᠤᠭᠤᠷᠠᠢ ᠨᠢ | ᠰᠢᠷᠬᠠᠲᠤᠬᠤ ᠵᠡᠷᠭᠡ ᠪᠠᠶᠢᠳᠠᠯ ᠭᠠᠷᠳᠠᠭ᠃ ᠪᠠᠰᠠ ᠣᠯᠵᠤ ᠦᠵᠡᠬᠦ ᠦᠭᠡᠢ ᠬᠤᠬᠢᠷᠠᠯ ᠪᠠᠶᠢᠵᠤ᠂ ᠪᠡᠶ᠎ᠡ ᠶᠢᠨ | ᠬᠦᠨᠳᠦ ᠨᠢ ᠶᠡᠭᠡ ᠪᠠᠷ ᠪᠠᠭᠤᠷᠠᠵᠤ᠂ ᠵᠣᠷᠢᠭᠰᠠᠨ ᠭᠠᠵᠠᠷ ᠲᠠᠭᠠᠨ ᠬᠦᠷᠭᠡᠭᠰᠡᠨ ᠤ ᠳᠠᠷᠠᠭ᠎ᠠ ᠦᠬᠡᠷ ᠣᠷᠳᠣ | ᠬᠤᠭᠤᠴᠠᠭ᠎ᠠ ᠪᠠᠷ ᠡᠳᠡᠭᠡᠷᠡᠵᠦ ᠳᠡᠶᠢᠯᠬᠦ ᠦᠭᠡᠢ ᠪᠣᠯᠳᠠᠭ᠃ | ᠨᠢᠭᠡ᠂ ᠮᠠᠰᠢᠨ ᠲᠡᠷᠭᠡᠨ ᠤ ᠲᠡᠭᠡᠭᠡᠪᠦᠷᠢ ᠶᠢᠨ ᠰᠢᠨᠵᠢᠯᠡᠬᠦ ᠤᠬᠠᠭᠠᠨᠴᠢ ᠬᠠᠮᠢᠶᠠᠷᠤᠯᠲᠠ | ︵ᠨᠢᠭᠡ ︶ ᠦᠬᠡᠷ ᠢ ᠲᠡᠷᠭᠡᠨ ᠳᠤ ᠠᠴᠢᠬᠤ ᠠᠴᠠ ᠡᠮᠦᠨ᠎ᠡ ᠭᠦᠢᠴᠡᠳ ᠠᠮᠠᠷᠠᠭᠤᠯᠵᠤ᠂ ᠦᠬᠡᠷ ᠢ | ᠳᠤᠷ᠎ᠠ ᠪᠠᠷ ᠢᠶᠠᠨ ᠬᠥᠭᠡᠭᠡᠵᠦ ᠴᠣᠬᠢᠬᠤ᠂ ᠠᠶᠤᠯᠭᠠᠵᠤ ᠰᠣᠴᠢᠭᠠᠵᠤ ᠪᠣᠯᠬᠤ ᠦᠭᠡᠢ᠃ | ︵ᠬᠤᠶᠠᠷ ︶ ᠵᠣᠷᠢᠭᠰᠠᠨ ᠭᠠᠵᠠᠷ ᠲᠠᠭᠠᠨ ᠬᠦᠷᠦᠭᠰᠡᠠ ᠤ ᠲᠡᠷᠠᠭ᠎ᠠ᠂ ᠦᠬᠡᠷ ᠢ ᠲᠦᠷ ᠤᠰᠤ ᠤᠤᠭᠤᠯᠭᠠᠬᠤ | ᠦᠭᠡᠢ ᠪᠠᠶᠢᠵᠤ᠂ ᠵᠥᠪᠬᠡᠨ ᠪᠤᠷᠴᠠᠭ ᠤᠨ ᠢᠵᠠᠭᠤᠷ ᠤᠨ ᠪᠤᠰᠤ ᠬᠠᠭᠤᠷᠠᠢ ᠡᠪᠡᠰᠦ ᠥᠭᠴᠦ᠂ ᠦᠬᠡᠷ ᠤᠨ | ᠬᠠᠰᠢᠶᠠᠨ ᠳᠤ ᠠᠮᠠᠷᠠᠭᠤᠯᠤᠨ᠎ᠠ᠃ | ︵ᠭᠤᠷᠪᠠ ︶ ᠮᠠᠰᠢᠨ ᠲᠡᠷᠭᠡ ︵ᠠᠴᠢᠶᠠᠨ ᠤ ᠮᠠᠰᠢᠨ ︶ ᠳᠤ ᠬᠡᠲᠦᠷᠬᠡᠢ ᠰᠢᠬᠠᠯᠳᠤᠭᠤᠯᠵᠤ ᠪᠣᠯᠬᠤ | ᠦᠭᠡᠢ᠂ ᠦᠬᠡᠷ ᠪᠦᠷᠢ ᠨᠢ ᠪᠠᠷᠤᠭ 1.1~1.4 ᠺᠤᠸᠠᠲ ᠮᠧᠳ᠋ᠷ ᠤᠨ ᠲᠠᠯᠠᠪᠠᠢ ᠶᠢ ᠡᠵᠡᠯᠡᠪᠡᠯ ᠵᠤᠬᠢᠨ᠎ᠠ᠂ ᠡᠭᠦᠨ ᠢ | ᠦᠬᠡᠷ ᠤᠨ ᠨᠠᠰᠤ ᠪᠠ ᠪᠡᠶ᠎ᠡ ᠶᠢᠨ ᠬᠦᠨᠳᠦ ᠶᠢ ᠦᠨᠳᠦᠰᠦᠯᠡᠵᠦ ᠲᠣᠭᠲᠠᠭᠠᠨ᠎ᠠ᠃ | ︵ᠳᠥᠷᠪᠡ ︶ ᠬᠠᠬᠢᠷ ᠡᠪᠦᠯ ᠤᠨ ᠦᠶ᠎ᠡ ᠳᠤ ᠲᠡᠷᠭᠡᠨ ᠳᠤ ᠡᠪᠡᠰᠦ ᠳᠡᠪᠢᠰᠴᠦ᠂ ᠲᠡᠷᠭᠡᠨ ᠤ | ᠬᠠᠰᠢᠶᠠᠯᠠᠪᠤᠷᠢ ᠶᠢ ᠨᠢᠭᠲᠠ ᠪᠢᠲᠡᠭᠦᠮᠵᠢᠯᠡᠬᠦ ᠬᠡᠷᠡᠭᠲᠡᠢ᠂ ᠡᠷᠬᠢᠨ ᠲᠣᠭᠤᠷᠢᠨ ᠳᠤᠨᠢ ᠰᠠᠯᠬᠢ ᠦᠯᠢᠶᠡᠯᠭᠡᠵᠦ ᠪᠣᠯᠬᠤ | ᠦᠭᠡᠢ᠃ | ︵ᠲᠠᠪᠤ ︶ ᠬᠠᠯᠠᠭᠤᠨ ᠡᠳᠦᠷ ᠲᠤ ᠲᠡᠷᠭᠡ ᠪᠠᠨ ᠰᠠᠯᠬᠢ ᠨᠠᠪᠲᠠᠷᠡᠭᠦᠯᠵᠦ᠂ ᠡᠯᠡᠰᠦ ᠳᠡᠪᠢᠰᠴᠦ᠂ ᠤᠰᠤ | ᠰᠠᠴᠤᠵᠤ᠂ ᠦᠬᠡᠷ ᠤᠨ ᠰᠡᠷᠢᠭᠦᠬᠡᠨ ᠪᠠᠶᠢᠬᠤ ᠶᠢ ᠪᠠᠲᠤᠯᠠᠬᠤ ᠬᠡᠷᠡᠭᠲᠡᠢ᠃ | ︵ᠵᠢᠷᠭᠤᠭ᠎ᠠ ︶ ᠦᠬᠡᠷ᠂ ᠭᠠᠭ᠋ᠠᠢ᠂ ᠬᠤᠨᠢ ᠶᠢ ᠨᠢᠭᠡ ᠯᠡ ᠲᠡᠷᠭᠡᠨ ᠳᠤ ᠲᠡᠭᠡᠭᠡᠪᠦᠷᠢᠯᠡᠵᠦ ᠪᠣᠯᠬᠤ ᠦᠭᠡᠢ᠂ | ᠲᠤᠭᠤᠯ ᠪᠠ ᠦᠬᠡᠷ ᠢ ᠴᠦ ᠨᠢᠭᠡ ᠯᠡ ᠲᠡᠷᠭᠡᠨ ᠳᠤ ᠲᠡᠭᠡᠭᠡᠪᠦᠷᠢᠯᠡᠵᠦ ᠪᠣᠯᠬᠤ ᠦᠭᠡᠢ᠂ ᠬᠡᠷᠪᠡ ᠲᠡᠭᠡᠭᠡᠪᠦᠷᠢᠯᠡᠬᠦ ᠳᠤ | ᠬᠦᠷᠪᠡᠯ ᠲᠠᠰᠤᠯᠪᠤᠷᠢ ᠪᠠᠷ ᠲᠠᠰᠤᠯᠬᠤ ᠬᠡᠷᠡᠭᠲᠡᠢ᠃ | ︵ᠲᠤᠯᠤᠭ᠎ᠠ ︶ ᠵᠠᠮ ᠵᠠᠭᠤᠷ᠎ᠠ ᠪᠠᠨ ᠵᠣᠬᠢᠬᠤ ᠬᠡᠮᠵᠢᠶᠡᠨ ᠤ ᠲᠡᠵᠢᠭᠡᠬᠦ᠂ ᠤᠰᠤᠯᠠᠬᠤ᠂ ᠠᠮᠠᠷᠠᠬᠤ ᠴᠠᠭ ᠲᠠᠢ | ᠪᠠᠶᠢᠬᠤ ᠬᠡᠷᠡᠭᠲᠡᠢ᠃ ᠡᠩ ᠤᠨ ᠪᠠᠶᠢᠳᠠᠯ ᠳᠤ 20 ᠭᠠᠷᠤᠢ ᠴᠠᠭ ᠤᠨ ᠳᠣᠲᠣᠷ᠎ᠠ ᠨᠠᠭᠠᠲᠤ ᠵᠠᠬ᠎ᠠ ᠳᠠᠭᠠᠨ 5 ᠴᠠᠭ ᠤᠨ | ᠠᠮᠠᠷᠠᠬᠤ᠂ ᠤᠰᠤᠯᠠᠬᠤ ᠴᠠᠭ ᠲᠠᠢ ᠪᠠᠶᠢᠬᠤ ᠬᠡᠷᠡᠭᠲᠡᠢ᠃ | ︵ᠨᠠᠢᠮᠠ ︶ ᠵᠣᠷᠢᠭᠰᠠᠨ ᠭᠠᠵᠠᠷ ᠲᠠᠭᠠᠨ ᠬᠦᠷᠦᠭᠰᠡᠨ ᠤ ᠲᠠᠷᠠᠭ᠎ᠠ᠂ ᠦᠬᠡᠷ ᠲᠤ ᠬᠠᠭᠤᠷᠠᠢ ᠡᠪᠡᠰᠦ ᠪᠤᠶᠤ | ᠡᠰᠢ ᠰᠦᠷᠡᠯ ᠢᠳᠡᠭᠦᠯᠵᠦ᠂ ᠬᠤᠶᠠᠷ ᠭᠤᠷᠪᠠᠨ ᠴᠠᠭ ᠤᠨ ᠲᠠᠷᠠᠭ᠎ᠠ ᠪᠠᠭ᠎ᠠ ᠬᠡᠮᠵᠢᠶᠡᠨ ᠤ ᠤᠰᠤ ᠤᠤᠭᠤᠯᠭᠠᠵᠤ᠂ 24 | ᠴᠠᠭ ᠤᠨ ᠲᠠᠷᠠᠭ᠎ᠠ ᠳᠤᠷ᠎ᠠ ᠪᠠᠷ ᠨᠢ ᠤᠰᠤ ᠤᠤᠭᠤᠯᠭᠠᠵᠤ᠂ ᠬᠠᠭᠤᠷᠠᠢ ᠡᠪᠡᠰᠦ᠂ ᠡᠰᠢ ᠰᠦᠷᠡᠯ ᠢᠳᠡᠭᠦᠯᠦᠨ᠎ᠡ᠃ | ᠬᠤᠶᠠᠷ᠂ ᠮᠠᠰᠢᠨ ᠲᠡᠷᠭᠡᠨ ᠤ ᠲᠡᠭᠡᠭᠡᠪᠦᠷᠢ ᠶᠢᠨ ᠠᠩᠬᠠᠷᠬᠤ ᠵᠦᠢᠯ᠄ | ︵ᠨᠢᠭᠡ ︶ ᠠᠴᠢᠶᠠᠨ ᠤ ᠮᠠᠰᠢᠨ ᠤ ᠣᠩᠭᠤᠴᠠ ᠨᠢ ᠡᠷᠬᠡᠪᠰᠢ 1.3 ᠮᠧᠳ᠋ᠷ ᠠᠴᠠ ᠳᠡᠭᠡᠭᠰᠢ ᠪᠠᠶᠢᠬᠤ | ᠬᠡᠷᠡᠭᠲᠡᠢ᠂ ᠴᠢᠬᠤᠯᠠ ᠲᠠᠢ ᠦᠶ᠎ᠡ ᠳᠤ ᠣᠩᠭᠤᠴᠠ ᠶᠢ ᠥᠨᠳᠥᠷ ᠪᠣᠯᠭᠠᠵᠤ᠂ ᠦᠬᠡᠷ ᠦᠷᠭᠦᠵᠦ ᠦᠰᠦᠷᠴᠦ | ᠭᠠᠷᠬᠤ ᠠᠴᠠ ᠰᠡᠷᠭᠡᠶᠢᠯᠡᠬᠦ ᠬᠡᠷᠡᠭᠲᠡᠢ᠂ ᠣᠩᠭᠤᠴᠠ ᠶᠢ ᠪᠠᠶᠢᠴᠠᠭᠠᠵᠤ᠂ ᠱᠠᠯᠠ ᠳᠤᠨᠢ ᠬᠠᠳᠠᠭᠠᠰᠤ᠂ ᠲᠡᠮᠦᠷ ᠪᠠᠭᠠᠵᠢ | ᠪᠤᠶᠤ ᠬᠤᠷᠴᠠ ᠡᠳ᠋ ᠪᠠᠶᠢᠯᠭᠠᠵᠤ ᠪᠣᠯᠬᠤ ᠦᠭᠡᠢ᠂ ᠡᠪᠡᠰᠦ ᠳᠡᠪᠢᠰᠴᠦ ᠪᠣᠯᠣᠨ᠎ᠠ᠂ ᠵᠣᠨ ᠤ ᠤᠯᠠᠷᠢᠯ ᠳᠤ ᠡᠯᠡᠰᠦ | ᠳᠡᠪᠢᠰᠴᠦ ᠪᠣᠯᠣᠨ᠎ᠠ᠂ ᠭᠡᠪᠡᠴᠦ ᠱᠠᠯᠠ ᠳᠤᠨᠢ ᠲᠡᠮᠦᠷ ᠬᠠᠪᠲᠠᠰᠤ ᠬᠠᠳᠠᠵᠤ ᠪᠣᠯᠬᠤ ᠦᠭᠡᠢ᠂ ᠢᠩᠭᠢᠪᠡᠯ ᠦᠬᠡᠷ | ᠵᠣᠭᠰᠣᠬᠤ ᠶᠢᠨ ᠠᠷᠭ᠎ᠠ ᠦᠭᠡᠢ ᠪᠣᠯᠳᠠᠭ᠃ | ︵ᠬᠤᠶᠠᠷ ︶ ᠠᠴᠢᠭᠰᠠᠨ ᠦᠬᠡᠷ ᠢ ᠪᠠᠭᠤᠯᠭᠠᠬᠤ ᠳᠤ ᠵᠠᠪᠠᠯ 1.1 ᠮᠧᠳ᠋ᠷ ᠥᠨᠳᠥᠷ ᠲᠠᠪᠴᠠᠩ ᠳᠡᠭᠡᠷ᠎ᠡ | ᠪᠠᠶᠢᠬᠤ ᠬᠡᠷᠡᠭᠲᠡᠢ᠂ ᠲᠠᠪᠴᠠᠩ ᠤᠨ ᠥᠷᠭᠡᠨ ᠲᠠᠢ ᠵᠠᠯᠭᠠᠯᠳᠤᠭᠰᠠᠨ ᠬᠠᠰᠢᠯᠭ᠎ᠠ ᠲᠠᠢ ᠨᠠᠯᠠᠤ ᠭᠠᠵᠠᠷ ᠪᠠᠭᠤᠯᠭᠠᠵᠤ᠂ | ᠦᠬᠡᠷ ᠢ ᠲᠠᠭᠤᠬᠤ ᠦᠶ᠎ᠡ ᠳᠤ ᠳᠡᠭᠡᠭᠰᠢ ᠳᠣᠷᠣᠭᠰᠢ ᠦᠰᠦᠷᠬᠦ ᠶᠢ ᠴᠢᠩᠭ᠎ᠠ ᠰᠡᠷᠭᠡᠶᠢᠯᠡᠬᠦ ᠬᠡᠷᠡᠭᠲᠡᠢ᠂ ᠤᠴᠢᠷ ᠨᠢ | ᠡᠨᠡ ᠨᠢ ᠮᠠᠰᠢ ᠠᠶᠤᠯ ᠲᠠᠢ ᠶᠤᠮ᠃ | ︵ᠭᠤᠷᠪᠠ ︶ ᠦᠬᠡᠷ ᠢ ᠲᠡᠷᠭᠡᠨ ᠳᠣᠲᠣᠷ᠎ᠠ ᠰᠣᠯᠪᠢᠯᠴᠠᠭᠤᠯᠤᠨ ᠵᠣᠭᠰᠣᠭᠠᠨ᠎ᠠ᠃ ᠠᠮᠤᠷ ᠲᠦᠪᠰᠢᠨ ᠢ | ᠪᠣᠳᠣᠯᠬᠢᠯᠠᠵᠤ ᠲᠡᠷᠭᠡᠨ ᠳᠡᠭᠡᠷ᠎ᠡ ᠨᠢᠭᠡ ᠪᠦᠯᠦᠭ ᠦᠬᠡᠷ ᠤᠨ ᠲᠣᠯᠣᠭᠠᠢ ᠶᠢ ᠲᠡᠷᠭᠡᠨ ᠲᠣᠯᠣᠭᠠᠢ ᠥᠭᠡᠳᠡ | ᠬᠠᠨᠳᠤᠭᠤᠯᠵᠤ᠂ ᠨᠢᠭᠡ ᠪᠦᠯᠦᠭ ᠦᠬᠡᠷ ᠤᠨ ᠰᠡᠭᠦᠯ ᠢ ᠲᠡᠷᠭᠡᠨ ᠲᠣᠯᠣᠭᠠᠢ ᠥᠭᠡᠳᠡ ᠬᠠᠨᠳᠤᠭᠤᠯᠤᠨ᠎ᠠ᠃ | ︵ᠳᠥᠷᠪᠡ ︶ ᠦᠬᠡᠷ ᠲᠡᠭᠡᠭᠡᠪᠦᠷᠢᠯᠡᠬᠦ ᠳᠤ ᠶᠡᠷᠦ ᠳᠡᠭᠡᠨ ᠡᠳᠦᠷ ᠶᠠᠪᠤᠵᠤ᠂ ᠰᠥᠨᠢ ᠳᠡᠭᠡᠨ ᠲᠡᠷᠭᠡᠨ | ᠳᠡᠭᠡᠷ᠎ᠡ ᠪᠠᠨ ᠲᠡᠵᠢᠭᠡᠵᠦ ᠤᠰᠤᠯᠠᠵᠤ᠂ ᠠᠮᠠᠷᠠᠭᠤᠯᠤᠨ᠎ᠠ᠃ ᠵᠥᠪᠬᠡᠨ ᠵᠤᠨ ᠤ ᠤᠯᠠᠷᠢᠯ ᠳᠤ ᠰᠥᠨᠢ ᠪᠠᠷ ᠶᠠᠪᠤᠵᠤ᠂ | ᠦᠳᠡ ᠳᠤ ᠠᠮᠠᠷᠠᠭᠤᠯᠤᠨ᠎ᠠ᠃ | ︵ᠲᠠᠪᠤ ︶ ᠵᠢᠯᠣᠭᠤᠴᠢ ᠡᠬᠢᠯᠡᠵᠦ ᠶᠠᠪᠤᠬᠤ᠂ ᠲᠡᠷᠭᠡ ᠪᠠᠨ ᠵᠣᠭᠰᠣᠭᠠᠬᠤ ᠵᠢᠴᠢ ᠮᠤᠷᠦ᠋ᠢᠬᠤ ᠳᠠᠭᠠᠨ | ᠬᠤᠷᠳᠤᠴᠠ ᠪᠠᠨ ᠤᠳᠠᠭᠠᠰᠢᠷᠠᠭᠤᠯᠬᠤ ᠬᠡᠷᠡᠭᠲᠡᠢ᠃ ᠲᠡᠷᠭᠡᠨ ᠤ ᠬᠤᠷᠳᠤᠴᠠ ᠶᠢ ᠤᠳᠠᠭᠠᠰᠢᠷᠠᠭᠤᠯᠬᠤ ᠠᠴᠠ ᠪᠢᠰᠢ᠂ | ᠣᠭᠵᠣᠮ ᠲᠣᠷᠮᠣᠰᠯᠠᠨ ᠵᠣᠭᠰᠣᠭᠠᠵᠤ ᠪᠣᠯᠬᠤ ᠦᠭᠡᠢ᠃ | ︵ᠵᠢᠷᠭᠤᠭ᠎ᠠ ︶ ᠬᠠᠮᠲᠤ ᠶᠠᠪᠤᠭᠴᠢ ᠨᠢ ᠦᠬᠡᠷ ᠤᠨ ᠬᠥᠳᠡᠯᠦᠯ ᠪᠠᠶᠢᠳᠠᠯ ᠢ ᠴᠠᠭ ᠲᠤᠬᠠᠢ ᠳᠤᠨᠢ ᠠᠵᠢᠭᠯᠠᠵᠤ᠂ | ᠢᠯᠡᠭᠦᠦ ᠤᠰᠤᠯᠠᠬᠤ ᠶᠢ ᠠᠩᠬᠠᠷᠴᠤ᠂ ᠡᠯ᠎ᠡ ᠵᠦᠢᠯ ᠤᠨ ᠰᠡᠷᠡᠯᠵᠢᠯ ᠢ ᠠᠯᠢ ᠴᠢᠳᠠᠬᠤ ᠪᠠᠷ ᠪᠠᠭᠠᠰᠬᠠᠨ᠎ᠠ᠃ ᠪᠠᠰᠠ | ᠦᠬᠡᠷ ᠤᠨ ᠰᠢᠷᠬᠠᠲᠤᠬᠤ ᠪᠠ ᠭᠢᠰᠬᠢᠭᠳᠡᠵᠦ ᠰᠢᠷᠬᠠᠲᠤᠬᠤ ᠠᠴᠠ ᠬᠢᠴᠢᠶᠡᠨ᠎ᠡ᠃ |