ᠵᠤᠷᠢᠬᠤ ᠶᠢᠨ ᠭᠤᠣᠯ ᠤᠨ ᠬᠥᠪᠡᠭᠡᠨ ᠳᠠᠬᠢ ᠯᠢᠦ ᠬᠣ᠋ ᠶᠢᠨ ᠠᠮᠲᠠᠲᠤ ᠢᠳᠡᠭᠡᠨ
ᠨᠡᠶᠢᠲᠡᠯᠡᠭᠰᠡᠨ ᠴᠠᠭ᠄
2023/6/3
   ᠬᠢᠩᠭᠠᠨ ᠲᠠᠷᠪᠠᠭᠠᠨ ᠳᠠᠬᠢ ᠬᠢᠩᠭᠠᠨ ᠠᠶᠢᠮᠠᠭ ᠲᠤ ᠲᠦᠴᠢᠦᠸᠠᠨ ᠤ ᠯᠢᠦ ᠬᠣ᠋ ᠪᠠᠷ ᠵᠤᠭᠠᠴᠠᠨ ᠠᠮᠳᠠᠷᠬᠠᠨ᠎ᠠ᠃ ᠬᠢᠩᠭᠠᠨ ᠠᠶᠢᠮᠠᠭ ᠤᠨ ᠲᠦᠴᠢᠦᠸᠠᠨ ᠰᠢᠶᠠᠨ ᠤ ᠯᠢᠦ ᠬᠣ᠋ ᠪᠠᠯᠭᠠᠰᠤᠨ ᠳᠤ ᠦᠵᠡᠰᠬᠦᠯᠡᠩᠲᠦ ᠰᠠᠶᠢᠬᠠᠨ ᠦᠵᠡᠮᠵᠢ ᠪᠣᠯᠣᠨ ᠡᠯᠪᠡᠭ ᠪᠠᠶᠠᠯᠢᠭ ᠡᠳ᠋ ᠭᠠᠷᠤᠯᠲᠠ ᠲᠠᠢ ᠪᠠᠶᠢᠵᠤ᠂ ᠵᠤᠷᠢᠬᠤ ᠭᠤᠣᠯ ᠤᠨ ᠬᠥᠪᠡᠭᠡᠨ ᠳᠤ ᠲᠠᠷᠢᠶᠠᠯᠠᠩ ᠮᠠᠯ ᠠᠵᠤ ᠠᠬᠤᠢ ᠵᠤᠭᠠᠴᠠᠯ ᠤᠨ ᠠᠭᠤᠰᠤᠯᠴᠠᠨ ᠬᠥᠭᠵᠢᠭᠰᠡᠨ ᠰᠢᠨ᠎ᠡ ᠬᠠᠭᠤᠳᠠᠰᠤ ᠶᠢ ᠪᠢᠴᠢᠭᠯᠡᠵᠦ ᠪᠤᠢ᠃    ᠯᠢᠦ ᠬᠣ᠋ ᠪᠠᠯᠭᠠᠰᠤ ᠳᠤ᠂ ᠨᠡᠷ᠎ᠡ ᠠᠯᠳᠠᠷᠰᠢᠭᠰᠠᠨ ︽ᠯᠢᠦ ᠬᠣ᠋ ᠶᠢᠨ ᠭᠤᠷᠪᠠᠨ ᠡᠷᠳᠡᠨᠢ︾︱ ᠳ᠋ᠧᠦᠹᠦ᠋᠂ ᠰᠢᠷᠠᠭᠰᠠᠨ ᠲᠠᠬᠢᠶ᠎ᠠ᠂ ᠰᠢᠳ ᠡᠮ ᠤᠨ ᠪᠤᠤᠰᠠ ᠪᠠᠶᠢᠬᠤ ᠪᠠᠷ ᠪᠠᠷᠠᠬᠤ ᠦᠭᠡᠢ᠂ ᠪᠠᠰᠠ ᠠᠮᠲᠠᠲᠤ ᠬᠡᠮᠬᠡ ᠵᠡᠷᠭᠡ ᠣᠨᠴᠠᠯᠢᠭ ᠲᠠᠢ ᠲᠡᠭᠦᠬᠦ ᠶᠢ ᠪᠡᠶᠡᠴᠢᠯᠡᠨ ᠣᠶᠢᠯᠠᠭᠠᠵᠤ ᠪᠣᠯᠬᠤ ᠪᠥᠭᠡᠳ ᠨᠡᠩ ᠴᠤ ᠽᠢ ᠰᠦᠩ ᠷᠦᠩ᠂ ᠬᠤᠨᠢᠨ ᠤ ᠴᠤᠭᠤᠷᠬᠠᠢ ᠮᠦᠭᠦ ᠵᠡᠷᠭᠡ ᠬᠤᠪᠣᠷ ᠨᠠᠨᠳᠢᠨ ᠠᠮᠲᠠᠲᠤ ᠢᠳᠡᠭᠡᠨ ᠪᠠᠶᠢᠵᠤ᠂ ᠲᠠᠨ ᠤ ︽ᠨᠣᠭᠤᠭ᠎ᠠ ᠶᠢᠨ ᠰᠠᠭᠰᠤ︾ ᠪᠢᠯᠬᠠᠵᠤ᠂ ᠲᠠᠨ ᠤ ︽ᠵᠢᠮᠢᠰ ᠤᠨ ᠲᠠᠪᠠᠭ︾ ᠢ ᠪᠠᠶᠠᠯᠢᠭᠵᠢᠭᠤᠯᠵᠤ᠂ ︽ᠮᠣᠳᠣᠨ ᠰᠠᠯᠠᠭ᠎ᠠ ᠠᠴᠠ ᠪᠠᠨ ᠪᠠᠭᠤᠮᠠᠭᠴᠠ ᠬᠤᠭᠤᠯᠠᠨ ᠰᠢᠷᠡᠭᠡᠨ ᠳᠤ ᠭᠠᠷᠬᠤ︾ ᠬᠥᠳᠡᠭᠡ ᠲᠣᠰᠬᠤᠨ ᠤ ᠵᠤᠭᠠᠴᠠᠯ ᠤᠨ ᠬᠠᠪᠤ ᠴᠡᠩᠭᠡᠯ ᠢ ᠡᠳ᠋ᠯᠡᠨ᠎ᠡ᠃https://mp.weixin.qq.com/s/cJhmnkrnL23sC-KgWgrqgg
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号