ᠶᠠᠩ ᠱᠤᠸᠠᠢ᠄ ᠬᠥᠳᠡᠭᠡ ᠲᠣᠰᠬᠤᠨ ᠤ ᠰᠦᠯᠵᠢᠶᠡᠨ ᠤ ᠪᠠᠶᠢᠭᠤᠯᠤᠯᠲᠠ ᠶᠢᠨ ᠦᠢᠯᠡᠳᠦᠯᠭᠡᠵᠢᠭᠦᠯᠦᠭᠴᠢ
ᠨᠡᠶᠢᠲᠡᠯᠡᠭᠰᠡᠨ ᠴᠠᠭ᠄
2023/3/7
  ᠨᠤᠲᠤᠭ ᠤᠰᠤ ᠪᠠᠨ ᠪᠤᠳᠤᠵᠤ᠂ ᠨᠤᠲᠤᠭ ᠤᠰᠤᠨ ᠤ ᠪᠠᠨ ᠪᠦᠲᠦᠭᠡᠨ ᠪᠠᠶᠢᠭᠤᠯᠤᠯᠲᠠ ᠳᠤ ᠬᠤᠪᠢ ᠨᠡᠮᠡᠷᠢ ᠪᠠᠨ ᠦᠵᠡᠭᠦᠯᠦᠨ᠎ᠡ   ︽ᠨᠤᠲᠤᠭ ᠤᠰᠤᠨ ᠤ ᠪᠠᠨ ᠲᠥᠯᠥᠭᠡ ᠨᠤᠲᠤᠭ ᠤᠨ ᠠᠬ᠎ᠠ ᠳᠡᠭᠦᠦ ᠨᠠᠷ ᠤᠨ ᠢᠶᠠᠨ ᠲᠥᠯᠥᠭᠡ ᠦᠨᠡᠨ ᠠᠵᠢᠯ ᠬᠢᠵᠦ᠂ ᠪᠣᠳᠠᠲᠠᠢ ᠠᠵᠢᠯ ᠬᠢᠬᠦ︾ ᠨᠢ ᠶᠠᠩ ᠱᠤᠸᠠᠢ ᠨᠥᠬᠦᠷ ᠤᠨ ᠬᠢᠴᠢᠶᠡᠰᠦ ᠪᠣᠯᠣᠭᠰᠠᠭᠠᠷ ᠢᠷᠡᠵᠦ᠂ ᠲᠡᠭᠦᠨ ᠢ ᠴᠠᠭ ᠢᠮᠠᠭᠲᠠ ᠤᠷᠮᠠᠰᠢᠭᠤᠯᠤᠨ ᠱᠠᠭᠠᠷᠳᠠᠵᠤ ᠪᠠᠶᠢᠯ᠎ᠠ᠃ ᠲᠡᠷᠡ ᠲᠦᠷᠦᠵᠦ ᠥᠰᠦᠭᠰᠡᠨ ᠲᠦᠴᠢᠦᠸᠠᠨ ᠤ ᠬᠥᠮᠥᠨ ᠪᠣᠯᠤᠭᠰᠠᠨ ᠤ ᠬᠤᠪᠢ ᠳᠤ᠂ ᠭᠠᠳᠠᠭᠠᠳᠤ ᠳᠤ ᠰᠤᠷᠤᠯᠴᠠᠭᠠᠳ ᠲᠡᠳᠡᠭᠡᠷ ᠵᠢᠯ ᠤᠳ ᠲᠤ ᠨᠤᠲᠤᠭ ᠤᠨ ᠢᠶᠠᠨ ᠪᠣᠷᠣᠭᠵᠢᠭᠤᠨ ᠠᠮᠢᠳᠤᠷᠠᠯ ᠢ ᠰᠠᠨᠠᠭᠠᠯᠵᠠᠵᠤ᠂ ᠢᠷᠡᠭᠡᠳᠦᠢ ᠳᠤ ᠴᠢᠳᠠᠪᠤᠷᠢ ᠲᠠᠢ ᠪᠣᠯ ᠵᠠᠪᠠᠯ ᠬᠠᠷᠢᠵᠤ ᠨᠤᠲᠤᠭ ᠢᠶᠠᠨ ᠪᠦᠲᠦᠭᠡᠨ ᠪᠠᠶᠢᠭᠤᠯᠵᠤ᠂ ᠨᠤᠲᠤᠭ ᠤᠨ ᠢᠶᠠᠨ ᠶᠠᠳᠠᠭᠤ ᠠᠴᠠ ᠠᠩᠭᠢᠵᠢᠷᠠᠨ ᠴᠢᠨᠡᠭᠡᠯᠢᠭᠵᠢᠬᠦ ᠳᠤ ᠬᠦᠴᠦᠨ ᠨᠡᠮᠡᠷᠢᠯᠡᠬᠦ ᠶᠢ ᠪᠤᠳᠤᠵᠠᠢ ᠁ 2019 ᠣᠨ ᠳᠤ᠂ ᠠᠵᠠ ᠵᠠᠪᠰᠢᠶᠠᠨ ᠢᠶᠠᠷ ᠬᠦᠰᠡᠯ ᠡᠷᠡᠮᠡᠯᠵᠡᠯ ᠢᠶᠠᠨ ᠪᠡᠶᠡᠯᠡᠭᠦᠯᠵᠦ ᠂ ᠨᠤᠲᠤᠭ ᠲᠠᠭᠠᠨ ᠬᠠᠷᠢᠵᠤ ᠳᠤᠮᠳᠠᠳᠤ ᠤᠯᠤᠰ ᠤᠨ ᠨᠡᠭᠦᠳᠡᠯ ᠬᠤᠯᠪᠣᠭ᠎ᠠ ᠶᠢᠨ ᠲᠦᠴᠢᠦᠸᠠᠨ ᠰᠢᠶᠠᠨ ᠤ ᠬᠤᠪᠢᠶᠠᠷᠢ ᠺᠣᠮᠫᠠᠨᠢ ᠶᠢᠨ ᠶᠡᠷᠦᠩᠬᠡᠢ ᠳᠠᠭᠠᠭᠠᠮᠠᠯ ᠤᠨ ᠲᠤᠰᠢᠶᠠᠯ ᠢ ᠡᠭᠦᠷᠭᠡᠯᠡᠪᠡ᠃    ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠵᠦ ᠡᠬᠢᠯᠡᠮᠡᠭᠴᠡ ᠪᠠᠨ᠂ ᠲᠡᠷᠡ ᠭᠤᠣᠯ ᠬᠦᠴᠦ ᠪᠠᠨ ᠨᠤᠲᠤᠭ ᠤᠰᠤᠨ ᠤ ᠪᠠᠨ ᠮᠡᠳᠡᠭᠡ ᠵᠠᠩᠭᠢᠵᠢᠯᠲᠠ᠂ ᠲᠣᠭᠠᠨ ᠤ ᠤᠬᠠᠭᠠᠨ ᠤ ᠪᠦᠲᠦᠭᠡᠨ ᠪᠠᠶᠢᠭᠤᠯᠤᠯᠲᠠ ᠳᠡᠭᠡᠷ᠎ᠡ ᠲᠠᠯᠪᠢᠵᠤ᠂ ᠳᠡᠭᠡᠳᠦ ᠱᠠᠲᠤᠨ ᠤ ᠺᠣᠮᠫᠠᠨᠢ   ᠠᠴᠠ ᠲᠥᠷᠥᠯ ᠵᠦᠢᠯ   ᠢ ᠲᠦᠴᠢᠦᠸᠠᠨ ᠳᠤ ᠨᠠᠶᠢᠳᠠᠪᠤᠷᠢᠵᠢᠭᠤᠯᠬᠤ ᠪᠠᠷ ᠢᠳᠡᠪᠬᠢᠲᠡᠢ ᠭᠤᠶᠤᠴᠢᠯᠠᠵᠤ᠂ ᠰᠠᠭᠤᠷᠢ ᠥᠷᠲᠡᠭᠡ   ᠶᠢᠨ ᠪᠦᠲᠦᠭᠡᠨ ᠪᠠᠶᠢᠭᠤᠯᠤᠯᠲᠠ   ᠶᠢ ᠲᠦᠷᠭᠡᠳᠬᠡᠨ᠂ 5G   ᠶᠢ ᠣᠷᠣᠭᠤᠯᠤᠨ ᠠᠪᠴᠢᠷᠠᠬᠤ᠂ ᠬᠡᠪᠴᠢᠶ᠎ᠡ   ᠶᠢ ᠲᠦᠷᠭᠡᠨ ᠥᠷᠭᠡᠳᠬᠡᠬᠦ ᠳᠤ ᠰᠠᠭᠤᠷᠢ ᠲᠠᠯᠪᠢᠵᠤ᠂ ᠣᠳᠣᠬᠠᠨ ᠳᠤ ᠰᠢᠶᠠᠨ ᠤ ᠬᠡᠪᠴᠢᠶᠡᠨ ᠳᠠᠬᠢ ᠭᠤᠣᠯᠳᠠᠯᠭ᠎ᠠ ᠲᠠᠢ ᠣᠷᠣᠨ ᠪᠦᠰᠡ   ᠶᠢᠨ 5G   ᠶᠢ ᠵᠠᠪᠰᠠᠷ ᠦᠭᠡᠢ ᠬᠤᠯᠪᠣᠯᠳᠤᠭᠤᠯᠬᠤ   ᠶᠢ ᠨᠢᠭᠡᠨᠲᠡ ᠪᠡᠶᠡᠯᠡᠭᠦᠯᠵᠦ᠂ ᠶᠡᠬᠡᠩᠬᠢ ᠬᠥᠳᠡᠭᠡ ᠲᠣᠰᠬᠤᠨ ᠤ ᠭᠠᠵᠠᠷ ᠣᠷᠣᠨ ᠳᠤ 5G   ᠶᠢᠨ ᠬᠤᠷᠳᠤᠴᠠ   ᠶᠢ ᠰᠠᠭᠠᠳ ᠦᠭᠡᠢ ᠡᠳ᠋ᠯᠡᠵᠦ ᠪᠣᠯᠣᠨ᠎ᠠ᠂ ᠡᠭᠦᠨ ᠤ ᠳᠠᠷᠠᠭ᠎ᠠ ᠪᠠᠰᠠ ᠬᠤᠷᠳᠤᠴᠠ ᠶᠢ ᠨᠡᠮᠡᠭᠳᠡᠭᠦᠯᠬᠦ ᠡᠷᠴᠢᠮ ᠢ ᠴᠢᠩᠭᠠᠷᠠᠭᠤᠯᠵᠤ᠂ ᠴᠢᠦᠸᠠᠨᠴᠧᠩ ᠤᠨ ᠠᠷᠠᠳ ᠢᠷᠭᠡᠳ ᠤᠨ ᠰᠦᠯᠵᠢᠶ᠎ᠡ ᠶᠢ ᠬᠡᠷᠡᠭᠯᠡᠬᠦ ᠮᠡᠳᠡᠷᠡᠮᠵᠢ ᠶᠢ ᠳᠡᠭᠡᠭᠰᠢᠯᠡᠭᠦᠯᠬᠦ ᠪᠣᠯᠣᠨ᠎ᠠ︔ ᠨᠠᠷᠢᠯᠢᠭ  ᠤᠨᠤᠪᠴᠢᠲᠠᠢ ᠪᠠᠷ ᠶᠠᠳᠠᠭᠤ ᠶᠢ ᠲᠡᠳᠬᠦᠬᠦ ᠠᠵᠢᠯ ᠤᠨ ᠳᠤᠮᠳᠠ᠂ ᠺᠣᠮᠫᠠᠨᠢ ᠶᠢᠨ ᠲᠤᠬᠠᠶᠢᠯᠠᠭᠰᠠᠨ ᠠᠵᠢᠯ ᠤᠨ ᠴᠢᠳᠠᠪᠤᠷᠢ ᠪᠠᠷ ᠴᠢᠩᠭ᠎ᠠ᠂ ᠨᠡᠪᠲᠡᠷᠡᠯᠴᠡᠬᠦ ᠴᠢᠳᠠᠪᠤᠷᠢ ᠪᠠᠷ ᠲᠡᠷᠢᠭᠦᠨ ᠵᠡᠷᠭᠡ ᠶᠢᠨ ᠠᠵᠢᠯᠲᠠᠨ ᠢ ᠰᠣᠩᠭᠤᠨ ᠲᠣᠮᠢᠯᠠᠵᠤ ᠲᠣᠰᠬᠤᠨ ᠳᠤ ᠰᠠᠭᠤᠯᠭᠠᠨ ᠠᠵᠢᠯ ᠥᠷᠨᠢᠭᠦᠯᠦᠨ᠎ᠡ᠃ ᠺᠣᠮᠫᠠᠨᠢ ᠠᠴᠠ ᠭᠤᠶᠤᠴᠢᠯᠠᠬᠤ ᠪᠠᠷ ᠲᠠᠮᠵᠢᠨ᠂ ᠬᠠᠪᠰᠤᠷᠤᠨ ᠲᠡᠳᠬᠦᠭᠰᠡᠨ ᠵᠡᠭᠦᠨ ᠲᠦᠷᠵᠢ ᠪᠠᠯᠭᠠᠰᠤ ᠶᠢᠨ ᠦ᠋ ᠰᠧ ᠲᠣᠰᠬᠤᠨ᠂ ᠲᠦᠴᠢᠦᠸᠠᠨ ᠪᠠᠯᠭᠠᠰᠤ ᠶᠢᠨ ᠳ᠋ᠦᠩ ᠾᠧ ᠲᠣᠰᠬᠤᠨ ᠳᠤ ᠲᠤᠰᠬᠠᠢ ᠪᠡᠯᠡ ᠮᠥᠩᠭᠦ ᠣᠯᠵᠤ᠂ ᠲᠣᠰᠬᠤᠨ ᠤ ᠬᠡᠯᠲᠡᠰ ᠤᠨ ᠠᠵᠢᠯᠯᠠᠬᠤ ᠣᠷᠴᠢᠨ ᠲᠣᠭᠤᠷᠢᠨ ᠢ ᠰᠠᠶᠢᠵᠢᠷᠠᠭᠤᠯᠵᠤ᠂ ᠨᠤᠲᠤᠭ ᠤᠨ ᠠᠬ᠎ᠠ ᠳᠡᠭᠦᠦ ᠨᠠᠷ ᠤᠨ ᠦᠬᠡᠷ ᠲᠡᠵᠢᠭᠡᠬᠦ ᠦᠢᠯᠡᠰ ᠤᠨ ᠮᠡᠳᠡᠭᠡ ᠵᠠᠩᠭᠢᠵᠢᠯᠲᠠ ᠳᠤ ᠬᠦᠴᠦᠨ ᠨᠡᠮᠡᠷᠢᠯᠡᠪᠡ︔ ︽ᠵᠢᠷᠭᠤᠭ᠎ᠠ ᠶᠢ ᠡᠷᠦᠬᠡ ᠳᠤ ᠬᠦᠷᠲᠡᠯ᠎ᠡ ᠠᠵᠢᠯᠯᠠᠬᠤ︾ ᠶᠢ ᠲᠦᠷᠭᠡᠨ ᠴᠤᠤᠷᠢᠶᠠᠲᠤᠨ ᠳᠠᠭᠠᠵᠤ᠂ ᠪᠦᠯᠬᠦᠮ ᠳᠠᠭᠠᠭᠤᠯᠤᠨ ᠳᠠᠭᠠᠭᠠᠴᠢᠯᠠᠬᠤ ᠶᠢᠨ ᠲᠥᠯᠥᠭᠡ᠂ ᠨᠢᠭᠡ ᠨᠢᠭᠡ ᠪᠠᠷ ᠶᠠᠳᠠᠭᠤ ᠬᠦᠴᠢᠷᠳᠡᠯᠲᠡᠢ ᠲᠣᠰᠬᠤᠨ ᠤ ᠠᠷᠠᠳ ᠢ ᠲᠡᠳᠬᠦᠵᠦ᠂ ᠵᠢᠯ ᠴᠠᠭᠠᠨ ᠰᠠᠷ᠎ᠠ ᠪᠣᠯᠬᠤ ᠪᠦᠷᠢ ᠥᠪᠡᠷ ᠤᠨ ᠰᠦᠢᠳᠬᠡᠯ ᠢᠶᠠᠷ ᠢᠶᠠᠨ ᠲᠠᠩᠰᠠᠯᠠᠨ ᠺᠠᠷᠲᠯᠠᠭᠰᠠᠨ ᠡᠷᠦᠬᠡ ᠳᠤ ᠪᠠᠶᠠᠷ ᠤᠨ ᠡᠳᠦᠷ ᠤᠨ ᠮᠡᠨᠳᠦᠴᠢᠯᠡᠯ ᠬᠦᠷᠭᠡᠵᠡᠢ︔ᠠᠵᠤ ᠦᠢᠯᠡᠰ ᠤᠨ ᠠᠰᠢᠭ ᠬᠤᠪᠢᠶᠠᠷᠢᠯᠠᠯᠲᠠ ᠶᠢᠨ ᠲᠤᠭ᠎ᠠ ᠬᠡᠮᠵᠢᠶ᠎ᠡ ᠶᠢ ᠣᠶᠤᠨᠵᠢᠭᠤᠯᠬᠤ ᠶᠢ ᠪᠡᠶᠡᠯᠡᠭᠦᠯᠬᠦ ᠶᠢᠨ ᠲᠥᠯᠥᠭᠡ᠂ ᠲᠡᠵᠢᠭᠡᠨ ᠦᠷᠡᠵᠢᠭᠦᠯᠬᠦ ᠲᠥᠷᠥᠯ ᠵᠦᠢᠯ ᠲᠠᠢ ᠤᠶᠠᠯᠳᠤᠭᠤᠯᠤᠨ ᠮᠢᠩᠭ᠎ᠠ ᠭᠠᠷᠤᠢ ᠡᠷᠦᠬᠡ ᠶᠢᠨ ︽ᠣᠶᠤᠨᠲᠤ ᠦᠬᠡᠷ ᠤᠨ ᠴᠢᠬᠢᠨ ᠤ ᠲᠡᠮᠳᠡᠭ︾ ᠢ ᠨᠠᠶᠢᠳᠠᠪᠤᠷᠢᠵᠢᠭᠤᠯᠤᠨ ᠬᠡᠷᠡᠭᠯᠡᠬᠦ ᠶᠢ ᠠᠬᠢᠭᠤᠯᠪᠠ᠃
   ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠦᠯᠦ ᠮᠠᠷᠲᠠᠵᠤ᠂ ᠤᠯᠤᠰ ᠤᠨ ᠥᠮᠴᠢᠯᠡᠯ ᠤᠨ ᠠᠵᠤ ᠠᠬᠤᠶᠢᠯᠠᠯ ᠤᠨ ᠡᠭᠦᠷᠭᠡᠯᠡᠯ ᠢ ᠢᠯᠡᠷᠡᠭᠦᠯᠦᠨ᠎ᠡ   2020 ᠣᠨ ᠳᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠳᠤᠮᠳᠠ᠂ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ᠂ ᠲᠡᠷᠡ ᠡᠮᠦᠨ᠎ᠡ ᠨᠢ ᠭᠠᠪᠰᠢᠭᠠᠶᠢᠯᠠᠵᠤ ᠪᠠᠶᠢᠭ᠎ᠠ ᠨᠢ ᠵᠠᠶᠢᠯᠠᠭᠤᠯᠵᠤ ᠪᠣᠯᠣᠰᠢ ᠦᠭᠡᠢ ᠵᠦᠢ ᠶᠣᠰᠣᠨ ᠤ ᠬᠡᠷᠡᠭ ᠶᠤᠮ᠃ᠤᠳᠤᠷᠢᠳᠬᠤ ᠪᠠᠭ ᠤᠨ ᠪᠦᠷᠢᠯᠳᠦᠭᠦᠨ ᠵᠢᠴᠢ ᠺᠣᠮᠫᠠᠨᠢ ᠶᠢᠨ ᠪᠦᠬᠦ ᠨᠠᠮ ᠤᠨ ᠭᠡᠰᠢᠭᠦᠨ ᠺᠠᠳ᠋ᠷᠴᠤᠳ ᠢ ᠳᠠᠭᠠᠭᠤᠯᠤᠨ ᠬᠢᠵᠢᠭ ᠢ ᠰᠡᠷᠭᠡᠶᠢᠯᠡᠬᠦ ᠠᠵᠢᠯ ᠳᠤ ᠢᠳᠡᠪᠬᠢᠲᠡᠢ ᠣᠷᠣᠯᠴᠠᠵᠤ᠂ ᠰᠡᠷᠭᠡᠶᠢᠯᠡᠨ ᠡᠵᠡᠮᠳᠡᠬᠦ ᠨᠢᠭᠡᠳᠦᠭᠡᠷ ᠹᠷᠣᠨᠲ ᠤᠨ ᠠᠵᠢᠯ ᠤᠨ ᠪᠠᠶᠢᠷᠢ ᠳᠤ ᠬᠤᠶᠢᠨ᠎ᠠ ᠬᠤᠶᠢᠨ᠎ᠠ ᠠᠴᠠ ᠪᠠᠨ ᠣᠴᠢᠪᠠ᠃ ᠬᠢᠵᠢᠭ ᠤᠨ ᠪᠠᠶᠢᠳᠠᠯ ᠤᠨ ᠡᠬᠢᠨ ᠤ ᠦᠶ᠎ᠡ ᠳᠤ᠂ ᠠᠯᠢᠪᠠ ᠶᠠᠪᠤᠳᠠᠯ   ᠢ ᠴᠥᠮ ᠰᠦᠪᠡᠭᠴᠢᠯᠡᠨ ᠬᠢᠵᠦ ᠪᠠᠶᠢᠪᠠ᠂ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠤ ᠰᠡᠷᠭᠡᠶᠢᠯᠡᠯᠲᠡ ᠶᠢᠨ ᠱᠤᠭᠤᠮ ᠢ ᠬᠠᠮᠠᠭᠠᠯᠠᠬᠤ ᠶᠢᠨ ᠲᠥᠯᠥᠭᠡ᠂ ᠬᠤᠶᠠᠷ ᠭᠤᠷᠪᠠᠨ ᠡᠳᠦᠷ ᠦᠷᠭᠦᠯᠵᠢᠯᠡᠨ ᠡᠷᠡᠯᠬᠡᠭᠯᠡᠨ ᠪᠠᠶᠢᠯᠳᠤᠵᠤ ᠨᠢᠳᠦ ᠬᠠᠮᠬᠢᠭᠰᠠᠨ ᠦᠭᠡᠢ ᠨᠢ ᠴᠦ ᠡᠩ ᠤᠨ ᠬᠡᠷᠡᠭ ᠶᠤᠮ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ  ᠬᠢᠭᠰᠡᠨ ᠡᠨᠡ ᠭᠤᠷᠪᠠᠨ ᠵᠢᠯ ᠳᠤ᠂ ᠪᠤᠰᠤᠳ ᠤᠨ ᠭᠡᠷ ᠢ ᠬᠠᠷᠠᠵᠤ ᠬᠠᠷᠠᠭᠠᠯᠵᠠᠵᠤ ᠪᠠᠶᠢᠭᠰᠠᠨ ︽ᠨᠢᠯᠬ᠎ᠠ ᠬᠡᠦᠬᠡᠳ︾᠂ ︽ᠪᠤᠰᠤᠳ ᠤᠨ ᠭᠡᠷ ᠤᠨ ᠨᠡᠭᠦᠷᠡᠰᠦᠨ ᠬᠡᠢ ᠶᠢᠨ ᠰᠠᠪᠠ︾ ᠶᠢ ᠡᠭᠦᠷᠴᠦ᠂ ︽ᠪᠤᠰᠤᠳ ᠤᠨ ᠭᠡᠷ ᠤᠨ ᠵᠢᠯᠣᠭᠤᠴᠢ︾ ᠪᠣᠯᠵᠤ ᠥᠩᠭᠡᠷᠡᠭᠰᠡᠨ ᠪᠥᠭᠡᠳ ᠪᠠᠰᠠ ︽ᠪᠤᠰᠤᠳ ᠤᠨ ᠭᠡᠷ ᠤᠨ ᠬᠦᠷᠳᠦᠲᠦ ᠰᠠᠨᠳᠠᠯᠢ︾ ᠪᠣᠯᠵᠤ ᠥᠩᠭᠡᠷᠡᠪᠡ ᠁ ᠲᠡᠳᠡ ᠦᠨᠡᠨ ᠰᠡᠳᠬᠢᠯ ᠠᠴᠠ ᠪᠠᠨ ᠴᠢᠷᠮᠠᠶᠢᠵᠤ ᠪᠠᠶᠢᠭᠠᠳ ︽ᠪᠤᠰᠤᠳ︾  ᠢ ︽ᠥᠪᠡᠷ ᠪᠡᠶ᠎ᠡ︾ ᠶᠢᠨ ᠪᠣᠯᠭᠠᠵᠤ᠂ ᠠᠷᠠᠳ ᠤᠯᠠᠨ ᠤ ᠰᠠᠨᠠᠭ᠎ᠠ ᠠᠮᠤᠷ ᠪᠠᠶᠢᠬᠤ ᠶᠢ ᠣᠯᠵᠤ ᠠᠪᠤᠭᠰᠠᠨ ᠳᠠᠭᠠᠨ ᠮᠠᠰᠢ ᠪᠠᠶᠠᠷ ᠲᠠᠢ ᠪᠠᠶᠢᠨ᠎ᠠ᠃     ᠣᠯᠠᠨ ᠵᠦᠢᠯ ᠤᠨ ᠠᠷᠭ᠎ᠠ ᠬᠡᠮᠵᠢᠶ᠎ᠡ ᠪᠠᠷ ᠲᠤᠬᠠᠶᠢᠯᠠᠭᠰᠠᠨ ᠠᠵᠢᠯ ᠤᠨ ᠦᠢᠯᠡᠴᠢᠯᠡᠭᠡᠨ ᠤ ᠴᠢᠳᠠᠮᠵᠢ ᠪᠠᠨ ᠳᠡᠭᠡᠭᠰᠢᠯᠡᠭᠦᠯᠦᠨ᠎ᠡ   ᠡᠵᠡᠩᠨᠡᠯᠲᠡ ᠶᠢᠨ ᠣᠷᠴᠢᠨ ᠲᠣᠭᠤᠷᠢᠨ ᠢ ᠴᠡᠭᠴᠡᠯᠡᠨ ᠵᠠᠰᠠᠬᠤ ᠠᠵᠢᠯ ᠢ ᠦᠷᠭᠦᠯᠵᠢᠯᠡᠨ ᠠᠬᠢᠭᠤᠯᠵᠤ᠂ ᠪᠣᠯᠪᠠᠰᠤᠨ ᠬᠤᠲᠠ ᠶᠢ ᠡᠭᠦᠳᠦᠨ ᠪᠠᠶᠢᠭᠤᠯᠬᠤ ᠤᠷᠢᠶᠠᠯᠠᠭ᠎ᠠ ᠶᠢ ᠴᠤᠤᠷᠢᠶᠠᠲᠤᠨ ᠳᠠᠭᠠᠬᠤ ᠶᠢᠨ ᠲᠥᠯᠥᠭᠡ᠂ ᠲᠡᠷᠡ ᠠᠵᠢᠯᠲᠠᠳ ᠢᠶᠠᠨ ᠳᠠᠭᠠᠭᠤᠯᠤᠨ ᠵᠡᠭᠡᠯᠢ ᠭᠤᠳᠤᠮᠵᠢ ᠪᠠᠷ ᠲᠣᠭᠤᠷᠢᠵᠤ᠂ ᠠᠰᠠᠷ ᠱᠦᠭᠦᠷᠳᠡᠨ ᠠᠶᠢᠯ ᠡᠷᠦᠬᠡ ᠳᠤ ᠣᠷᠣᠵᠤ᠂ ᠳᠡᠯᠭᠡᠭᠦᠷ ᠲᠠᠢ ᠵᠣᠯᠭᠠᠪᠠ᠃ ᠣᠶᠤᠨᠲᠤ ᠨᠡᠶᠢᠭᠡᠮ ᠲᠣᠭᠤᠷᠢᠭ᠂ ᠲᠣᠭᠠᠨ ᠤ ᠤᠬᠠᠭᠠᠨ ᠤ ᠠᠮᠤᠷ ᠲᠦᠪᠰᠢᠨ ᠤ ᠰᠡᠷᠭᠡᠶᠢᠯᠡᠯᠲᠡ ᠵᠡᠷᠭᠡ ᠪᠦᠲᠦᠭᠡᠭᠳᠡᠬᠦᠨ ᠢ ᠳᠡᠯᠭᠡᠷᠡᠭᠦᠯᠵᠦ᠂ ᠬᠤᠳᠠᠯᠳᠤᠭᠠᠴᠢᠨ᠂ ᠵᠣᠴᠢᠨ ᠡᠷᠦᠬᠡ ᠶᠢᠨ ᠲᠢᠩᠬᠢᠮ ᠳᠤ ᠣᠴᠢᠵᠤ ᠭᠦᠢᠴᠡᠳᠬᠡᠵᠦ ᠳᠡᠶᠢᠯᠬᠦ ᠦᠭᠡᠢ ᠪᠠᠶᠢᠬᠤ ᠬᠦᠴᠢᠷᠳᠡᠯ ᠢ ᠰᠢᠢᠳᠪᠦᠷᠢᠯᠡᠬᠦ ᠶᠢᠨ ᠲᠥᠯᠥᠭᠡ᠂ ᠲᠡᠳᠡ ᠤᠯᠠᠨ ᠳᠤ ᠭᠡᠷ ᠠᠴᠠ ᠪᠠᠨ ᠦᠯᠦ ᠭᠠᠷᠬᠤ ᠦᠢᠯᠡᠴᠢᠯᠡᠭᠡ ᠬᠠᠩᠭᠠᠵᠤ᠂ ᠲᠤᠬᠠᠢ ᠶᠢᠨ ᠲᠠᠯᠠᠪᠤᠷ ᠲᠤ ᠵᠣᠴᠢᠨ ᠡᠷᠦᠬᠡ ᠳᠤ ᠤᠭᠰᠠᠷᠠᠬᠤ ᠶᠢᠨ ᠬᠠᠮᠲᠤ ᠤᠯᠠᠨ ᠳᠤ ᠬᠡᠷᠡᠭᠯᠡᠭᠦᠯᠵᠦ᠂ ᠬᠡᠷᠡᠭᠯᠡᠬᠦ ᠤᠷ᠎ᠠ ᠳᠡᠮ ᠢ ᠬᠠᠩᠭᠠᠬᠤ ᠶᠢᠨ ᠬᠠᠮᠲᠤ ᠪᠣᠷᠣᠯᠠᠭᠤᠯᠤᠭᠰᠠᠨ ᠤ ᠳᠠᠷᠠᠭᠠᠬᠢ ᠬᠠᠷᠢᠯᠴᠠᠬᠤ ᠠᠷᠭ᠎ᠠ ᠶᠢ ᠦᠯᠡᠳᠡᠭᠡᠵᠦ᠂ ᠬᠥᠮᠥᠰ ᠤᠨ ᠬᠡᠷᠡᠭᠯᠡᠬᠦ ᠳᠤ ᠲᠠᠭᠠᠯᠠᠮᠵᠢᠲᠠᠢ ᠂ ᠰᠠᠨᠠᠭ᠎ᠠ ᠠᠮᠤᠷ᠂ ᠰᠠᠨᠠᠭ᠎ᠠ ᠠᠮᠤᠷ᠃
   ᠶᠠᠩ ᠱᠤᠸᠠᠢ ᠲᠣᠭᠲᠠᠮᠠᠯ ᠬᠤᠭᠤᠴᠠᠭ᠎ᠠ ᠲᠠᠢ ᠪᠠᠷ ︽ᠬᠠᠶᠢᠷ᠎ᠠ ᠬᠠᠯᠠᠮᠵᠢ ᠶᠢᠨ ᠨᠢᠭᠡ ᠡᠳᠦᠷ ᠤᠨ ᠬᠠᠨᠳᠢᠪᠯᠡᠯ︾ ᠤᠨ ᠠᠵᠢᠯᠯᠠᠭ᠎ᠠ ᠳᠤ ᠣᠷᠣᠯᠴᠠᠵᠤ᠂ ᠴᠠᠯᠢᠩ ᠢᠶᠠᠷ ᠢᠶᠠᠨ ᠬᠡᠷᠡᠭᠴᠡᠭᠡ ᠲᠠᠢ ᠬᠥᠮᠥᠰ ᠲᠤ ᠬᠦᠴᠦ ᠨᠡᠮᠡᠷᠢᠯᠡᠨ᠎ᠡ︔ ᠵᠢᠯ ᠤᠨ ᠡᠴᠦᠰ ᠤᠨ ᠦᠶ᠎ᠡ ᠳᠤ ᠬᠠᠶᠢᠷ᠎ᠠ ᠬᠠᠯᠠᠮᠵᠢ ᠬᠦᠷᠲᠡᠭᠡᠬᠦ ᠴᠢᠬᠤᠯᠠᠲᠠᠢ ᠥᠨᠥᠴᠢᠨ ᠪᠡᠯᠪᠡᠰᠦᠨ ᠨᠠᠰᠤᠲᠠᠨ᠂ ᠭᠡᠷ ᠲᠡᠭᠡᠨ ᠬᠤᠴᠣᠷᠤᠭᠰᠠᠨ ᠬᠡᠦᠬᠡᠳ ᠤᠨ ᠳᠤᠮᠳᠠ ᠣᠴᠢᠵᠤ᠂ ᠨᠡᠶᠢᠲᠡ ᠶᠢᠨ ᠠᠰᠠᠷᠠᠮᠵᠢ ᠶᠢᠨ ᠦᠢᠯᠡᠴᠢᠯᠡᠭᠡ ᠳᠤ ᠣᠷᠣᠯᠴᠠᠨ᠎ᠠ᠃ ᠲᠡᠭᠦᠨ ᠤ ᠳᠠᠭᠠᠭᠤᠯᠭ᠎ᠠ ᠳᠣᠣᠷ᠎ᠠ᠂ ᠳᠤᠮᠳᠠᠳᠤ ᠤᠯᠤᠰ ᠤᠨ ᠨᠡᠭᠦᠳᠡᠯ ᠬᠤᠯᠪᠣᠭᠠᠨ ᠤ ᠬᠢᠩᠭᠠᠨ ᠺᠣᠮᠫᠠᠨᠢ ᠶᠢᠨ ᠲᠦᠴᠢᠦᠸᠠᠨ ᠰᠢᠶᠠᠨ ᠤ ᠬᠤᠪᠢᠶᠠᠷᠢ ᠺᠣᠮᠫᠠᠨᠢ ᠪᠠᠰᠠ ᠡᠵᠡᠩᠨᠡᠯᠲᠡ ᠶᠢᠨ ᠲᠢᠩᠬᠢᠮ ᠤᠨ ᠦᠢᠯᠡᠴᠢᠯᠡᠭᠡᠨ ᠤ ᠣᠷᠴᠢᠨ ᠲᠣᠭᠤᠷᠢᠨ ᠢ ᠦᠷᠭᠦᠯᠵᠢᠯᠡᠨ ᠥᠭᠡᠷᠡᠴᠢᠯᠡᠵᠦ᠂ ︽ᠲᠤᠬᠠᠶᠢᠯᠠᠭᠰᠠᠨ ᠠᠵᠢᠯ ᠢ ᠭᠥᠯᠢᠶᠡᠨ ᠠᠪᠴᠤ ᠰᠢᠢᠳᠪᠦᠷᠢᠯᠡᠬᠦ ᠲᠣᠭᠤᠷᠢᠭ︾᠂ ︽ᠥᠪᠡᠷᠲᠡᠭᠡᠨ ᠦᠢᠯᠡᠴᠢᠯᠡᠬᠦ ᠲᠣᠭᠤᠷᠢᠭ︾᠂ ︽ᠲᠤᠬᠠᠶᠢᠯᠠᠭᠰᠠᠨ ᠠᠵᠢᠯ ᠢ ᠪᠡᠶᠡᠴᠢᠯᠡᠨ ᠣᠶᠢᠯᠠᠭᠠᠬᠤ ᠲᠣᠭᠤᠷᠢᠭ︾ ᠵᠡᠷᠭᠡ ᠬᠡᠷᠡᠭᠯᠡᠭᠴᠢᠳ ᠤᠨ ᠦᠢᠯᠡᠴᠢᠯᠡᠭᠡᠨ ᠤ ᠬᠤᠪᠢᠶᠠᠷᠢ ᠲᠣᠭᠤᠷᠢᠭ ᠢ ᠪᠠᠶᠢᠭᠤᠯᠵᠠᠢ᠃ ᠨᠠᠰᠤᠲᠠᠶᠢᠴᠤᠳ ᠤᠨ ᠰᠢᠨ᠎ᠡ ᠬᠡᠷᠡᠭ ᠪᠣᠳᠠᠰ ᠢ ᠭᠥᠯᠢᠶᠡᠨ ᠠᠪᠬᠤ ᠨᠢ ᠤᠳᠠᠭᠠᠨ᠂ ᠣᠶᠤᠨᠴᠢᠯᠠᠬᠤ ᠳᠤ ᠳᠥᠭᠦᠮ ᠦᠭᠡᠢ ᠪᠠᠶᠢᠬᠤ ᠶᠢ ᠪᠣᠳᠣᠯᠬᠢᠯᠠᠨ᠂ ︽ᠨᠠᠰᠤᠲᠠᠶᠢᠴᠤᠳ ᠤᠨ ᠬᠢᠴᠢᠶᠡᠯ ᠤᠨ ᠲᠠᠩᠬᠢᠮ︾ ᠢ ᠡᠷᠬᠢᠯᠡᠵᠦ᠂ ᠨᠠᠰᠤᠲᠠᠶᠢᠴᠤᠳ ᠲᠤ ᠣᠶᠤᠨᠴᠢ ᠮᠠᠰᠢᠨ ᠢ ᠬᠡᠷᠡᠭᠯᠡᠬᠦ ᠤᠷ᠎ᠠ ᠮᠡᠷᠭᠡᠵᠢᠯ᠂ ᠲᠤᠬᠠᠶᠢᠯᠠᠭᠰᠠᠨ ᠠᠵᠢᠯ ᠢ ᠭᠦᠢᠴᠡᠳᠬᠡᠬᠦ ᠳᠦᠷᠢᠮ ᠵᠢᠴᠢ ᠴᠠᠬᠢᠯᠭᠠᠨ ᠬᠤᠯᠪᠣᠭ᠎ᠠ ᠪᠠᠷ ᠮᠡᠬᠡᠯᠡᠬᠦ ᠶᠢ ᠬᠡᠷᠬᠢᠨ ᠰᠡᠷᠭᠡᠶᠢᠯᠡᠬᠦ ᠮᠡᠳᠡᠯᠭᠡ ᠶᠢ ᠪᠠᠶᠢᠩᠭᠤᠵᠢᠭᠤᠯᠤᠨ ᠲᠠᠶᠢᠯᠪᠤᠷᠢᠯᠠᠵᠤ ᠥᠭᠴᠡᠢ᠃
    ᠠᠰᠢᠭ ᠲᠤᠰᠠ ᠶᠢ ᠬᠠᠮᠢᠶᠠᠷᠤᠨ ᠡᠵᠡᠮᠳᠡᠵᠦ᠂ ᠰᠢᠯᠢᠳᠡᠭ ᠠᠮᠵᠢᠯᠲᠠ ᠪᠦᠲᠦᠮᠵᠢ ᠭᠠᠷᠭᠠᠬᠤ ᠪᠠᠷ ᠴᠢᠷᠮᠠᠶᠢᠬᠤ ᠬᠡᠷᠡᠭᠲᠡᠢ    ᠨᠢᠳᠦ ᠢᠷᠮᠡᠬᠦ ᠶᠢᠨ ᠵᠠᠭᠤᠷ᠎ᠠ᠂ ᠲᠡᠷᠡ ᠲᠥᠷᠥᠭᠰᠡᠨ ᠨᠤᠲᠤᠭ ᠲᠦᠴᠢᠦᠸᠠᠨ ᠳᠠᠭᠠᠨ ᠬᠠᠷᠢᠵᠤ ᠠᠵᠢᠯᠯᠠᠭᠠᠳ ᠨᠢᠭᠡᠨᠲᠡ 3 ᠵᠢᠯ ᠭᠠᠷᠤᠢ ᠪᠣᠯᠵᠤ᠂ ᠳᠠᠭᠠᠭᠤᠯᠤᠭᠰᠠᠨ ᠰᠢᠯᠵᠢᠮᠡᠯ ᠬᠤᠯᠪᠣᠭᠠᠨ ᠤ ᠺᠣᠮᠫᠠᠨᠢ ᠨᠢ ᠴᠢᠤᠸᠠᠨᠴᠧᠩ ᠬᠤᠲᠠ ᠶᠢᠨ ᠠᠷᠠᠳ ᠢᠷᠭᠡᠳ ᠲᠤ ᠰᠢᠯᠢᠳᠡᠭ ᠰᠠᠶᠢᠨ ᠴᠢᠮᠡᠭᠡ ᠬᠤᠯᠪᠣᠭ᠎ᠠ᠂ ᠰᠦᠯᠵᠢᠶ᠎ᠡ ᠵᠢᠴᠢ ᠮᠡᠳᠡᠭᠡ ᠵᠠᠩᠭᠢᠵᠢᠯᠲᠠ ᠶᠢᠨ ᠦᠢᠯᠡᠴᠢᠯᠡᠭᠡ ᠬᠠᠩᠭᠠᠵᠤ᠂ ᠪᠠᠰᠠ ᠦᠨᠡᠨ ᠰᠡᠳᠬᠢᠯ ᠠᠴᠠ ᠪᠠᠨ ᠦᠯᠡᠮᠵᠢ ᠶᠡᠭᠡ ᠠᠮᠵᠢᠯᠲᠠ ᠪᠦᠲᠦᠮᠵᠢ ᠣᠯᠵᠤ᠂ ᠤᠷᠢᠳ ᠬᠤᠵᠢᠳ ︽ᠰᠢᠶᠠᠨ ᠤ ᠱᠠᠲᠤᠨ ᠤ ᠵᠠᠯᠠᠭᠤᠴᠤᠳ ᠤᠨ ᠪᠣᠯᠪᠠᠰᠤᠨ ᠨᠡᠷᠡᠮᠵᠢᠲᠦ︾᠂ ︽ᠰᠢᠶᠠᠨ ᠤ ᠱᠠᠲᠤᠨ ᠤ ᠬᠡᠷᠡᠭᠯᠡᠭᠴᠢᠳ ᠲᠤ ᠲᠠᠭᠠᠰᠢᠶᠠᠭᠳᠠᠭᠰᠠᠨ ᠨᠢᠭᠡᠴᠡ︾᠂ ︽ᠠᠶᠢᠮᠠᠭ ᠤᠨ ᠱᠠᠲᠤᠨ ᠤ ᠪᠣᠯᠪᠠᠰᠤᠨ ᠨᠢᠭᠡᠴᠡ︾᠂ ︽ᠰᠢᠶᠠᠨ ᠤ ᠱᠠᠲᠤᠨ ᠤ ᠰᠠᠨᠠᠭ᠎ᠠ ᠠᠮᠤᠷ ᠬᠡᠷᠡᠭᠯᠡᠭᠡᠨ ᠤ ᠵᠢᠱᠢᠶ᠎ᠡ ᠦᠵᠡᠭᠦᠯᠬᠦ ᠨᠢᠭᠡᠴᠡ︾᠂ ︽ᠲᠣᠭᠤᠷᠢᠭ ᠤᠨ ᠱᠠᠲᠤᠨ ᠤ ︿5 · 4﹀ ᠤ ᠤᠯᠠᠭᠠᠨ ᠲᠤᠭ ᠤᠨ ᠡᠪᠯᠡᠯ ᠤᠨ ᠡᠭᠦᠷ︾ ᠵᠡᠷᠭᠡ ᠤᠯᠠᠨ ᠵᠦᠢᠯ ᠤᠨ ᠢᠷᠠᠭᠤ ᠠᠯᠳᠠᠷ ᠢ ᠭᠥᠷᠳᠡᠭᠰᠡᠨ ᠤ ᠬᠠᠮᠲᠤ᠂ ᠺᠣᠮᠫᠠᠨᠢ ᠶᠢᠨ ᠳᠣᠲᠣᠭᠠᠳᠤ ᠶᠢᠨ ᠪᠦᠯᠬᠦᠮ᠂ ᠬᠤᠪᠢ ᠬᠥᠮᠥᠨ ᠤ ᠤᠯᠠᠨ ᠵᠦᠢᠯ ᠤᠨ ᠢᠷᠠᠭᠤ ᠠᠯᠳᠠᠷ ᠢ ᠭᠥᠷᠳᠡᠭᠰᠡᠨ ᠪᠠᠶᠢᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号