ᠳᠡᠷᠭᠡᠳᠡᠬᠢ ᠠᠵᠤ ᠠᠬᠤᠶᠢᠯᠠᠯ ᠳᠠᠭᠠᠨ ᠬᠦᠷᠴᠦ ᠨᠤᠲᠤᠭ ᠤᠨ ᠢᠶᠠᠨ ᠷᠢᠳᠢ ᠰᠢᠳᠢ ᠶᠢ ᠣᠶᠢᠯᠠᠭᠠᠰᠤᠭᠠᠢ ︱ ᠲᠦᠴᠢᠦᠸᠠᠨ ᠰᠢᠶᠠᠨ ᠤ ᠯᠢᠦ ᠬᠣ᠋ ᠳᠤᠮᠳᠠᠳᠤ ᠰᠤᠷᠭᠠᠭᠤᠯᠢ ᠶᠢᠨ ᠰᠤᠷᠤᠭᠴᠢᠳ ᠲᠠᠷᠢᠶᠠᠯᠠᠩ ᠤᠨ ᠣᠨᠴᠠ ᠭᠠᠷᠤᠯᠲᠠ ᠶᠢ ᠡᠳ᠋ᠰᠢᠭᠦᠯᠵᠦ ᠦᠢᠯᠡᠰ ᠪᠣᠰᠬᠠᠬᠤ ᠠᠵᠤ ᠦᠢᠯᠡᠰ ᠤᠨ ᠬᠦᠷᠢᠶᠡᠯᠡᠩ ᠶᠢ ᠲᠣᠭᠤᠷᠢᠨ ᠦᠵᠡᠭᠰᠡᠨ ᠠᠵᠢᠯᠯᠠᠭ᠎ᠠ
ᠨᠡᠶᠢᠲᠡᠯᠡᠭᠰᠡᠨ ᠴᠠᠭ᠄
2023/11/17
   ᠰᠤᠷᠤᠭᠴᠢᠳ ᠢ ᠳᠠᠭᠠᠭᠤᠯᠤᠨ ᠨᠤᠲᠤᠭ ᠤᠰᠤᠨ ᠤ ᠪᠠᠨ ᠭᠤᠸ᠎ᠠ ᠰᠠᠶᠢᠬᠠᠨ ᠢ ᠤᠶᠢᠯᠠᠭᠠᠭᠤᠯᠵᠤ᠂ ᠨᠤᠲᠤᠭ ᠤᠰᠤ ᠪᠠᠨ ᠬᠠᠶᠢᠷᠠᠯᠠᠬᠤ ᠰᠣᠶᠣᠯ ᠤᠨ ᠠᠭᠤᠯᠬᠤᠨ ᠳᠤ ᠭᠦᠨ ᠬᠠᠳᠠᠩᠰᠢᠭᠤᠯᠵᠤ᠂ ᠰᠤᠷᠤᠭᠴᠢᠳ ᠢ ᠬᠥᠲᠥᠯᠥᠨ ᠵᠢᠯᠤᠭᠤᠳᠴᠤ ᠦᠢᠯᠡᠳᠦᠯᠭᠡ ᠶᠢᠨ ᠳᠤᠮᠳᠠ ︽ᠬᠠᠮᠤᠭ ᠤᠨ ᠭᠤᠶᠣ ᠯᠢᠦ ᠬᠣ᠋︾ ᠶᠢᠨ ᠥᠪᠡᠷᠮᠢᠴᠡ ᠷᠢᠳᠢ ᠰᠢᠳᠢ ᠶᠢ ᠮᠡᠳᠡᠷᠡᠭᠦᠯᠬᠦ ᠶᠢᠨ ᠲᠦᠯᠦᠭᠡ᠂ 11 ᠰᠠᠷ᠎ᠠ ᠶᠢᠨ 14 ᠤ ᠡᠳᠦᠷ᠂ ᠯᠢᠦ ᠬᠣ᠋ ᠳᠤᠮᠳᠠᠳᠤ ᠰᠤᠷᠭᠠᠭᠤᠯᠢ ᠰᠤᠷᠤᠭᠴᠢᠳ ᠢ ᠵᠣᠬᠢᠶᠠᠨ ᠪᠠᠶᠢᠭᠤᠯᠤᠨ ᠯᠢᠦ ᠬᠣ᠋ ᠲᠠᠷᠢᠶᠠᠯᠠᠩ ᠤᠨ ᠣᠨᠴᠠ ᠭᠠᠷᠤᠯᠲᠠ ᠶᠢ ᠡᠳ᠋ᠰᠢᠭᠦᠯᠦᠨ ᠠᠳᠠᠯ ᠦᠢᠯᠡᠰ ᠴᠣᠭᠴᠠᠯᠠᠬᠤ ᠠᠵᠤ ᠦᠢᠯᠡᠰ ᠤᠨ ᠬᠦᠷᠢᠶᠡᠯᠡᠩ ᠢᠶᠠᠷ ᠲᠣᠭᠤᠷᠢᠨ ᠦᠵᠡᠭᠦᠯᠪᠡ᠂ ᠰᠤᠷᠭᠠᠭᠤᠯᠢ ᠶᠢᠨ ᠵᠠᠬᠢᠷᠤᠯ ᠯᠢ ᠸᠧᠨ ᠮᠢᠩ᠂ ᠳᠡᠳ᠋ ᠵᠠᠬᠢᠷᠤᠯ ᠸᠠᠩ ᠲᠢᠶᠧ ᠵᠢᠶᠦ᠋ᠨ᠂ ᠵᠣᠣ ᠶᠢᠨ ᠶᠠᠨ᠂ ᠠᠷᠤ ᠲᠠᠯ᠎ᠠ ᠶᠢᠨ ᠦᠢᠯᠡᠴᠢᠯᠡᠭᠡᠨ ᠤ ᠳᠡᠳ᠋ ᠡᠷᠬᠢᠯᠡᠭᠴᠢ ᠯᠢᠦ ᠲᠢᠶᠠᠨ ᠴᠢ ᠵᠢᠴᠢ ᠬᠠᠮ ᠵᠠᠭᠤᠴᠢᠯᠠᠭᠤᠷ ᠤᠨ ᠠᠵᠢᠯ ᠤᠨ ᠲᠠᠰᠤᠭ ᠤᠨ ᠭᠡᠰᠢᠭᠦᠨ ᠪᠢᠶᠠᠨ ᠶᠠᠨ ᠬᠤᠸᠠ᠂ ᠯᠢᠦ ᠶᠢᠩ ᠲᠣᠰ ᠠᠵᠢᠯᠯᠠᠭ᠎ᠠ ᠳᠤ ᠣᠷᠣᠯᠴᠠᠵᠤ᠂ ᠰᠤᠷᠤᠭᠴᠢᠳ ᠪᠠᠭᠰᠢ ᠶᠢᠨ ᠢᠶᠠᠨ ᠳᠠᠭᠠᠭᠤᠯᠭ᠎ᠠ ᠪᠠᠷ ᠬᠡᠬᠦᠳᠡᠭ ᠳᠦᠭᠦᠷᠡᠩ ᠬᠦᠰᠡᠯ ᠡᠪᠦᠷᠯᠡᠨ ᠮᠣᠷᠳᠠᠪᠠ᠃    ᠯᠢᠦ ᠬᠣ᠋ ᠪᠠᠯᠭᠠᠰᠤᠨ ᠤ ᠳᠡᠳ᠋ ᠳᠠᠷᠤᠭ᠎ᠠ ᠵᠠᠩ ᠳ᠋ᠠᠨ ᠤ ᠳᠠᠭᠠᠭᠤᠯᠤᠯ ᠪᠠ ᠳᠡᠶᠢᠯᠦᠯᠲᠡ ᠪᠠᠷ ᠰᠤᠷᠤᠭᠴᠢᠳ ᠰᠣᠶᠣᠯ ᠤᠨ ᠣᠷᠳᠣ ᠬᠤᠩᠭᠢᠯ ᠳᠤ ᠣᠷᠣᠵᠤ᠂ ᠨᠢᠭᠡ ᠮᠥᠬᠦᠯᠢᠭ ᠪᠤᠷᠴᠠᠭ ᠠᠴᠠ ᠡᠬᠢᠯᠡᠨ ᠨᠤᠲᠤᠭ ᠤᠨ ᠢᠶᠠᠨ ᠠᠵᠤ ᠦᠢᠯᠡᠰ ᠢ ᠲᠠᠨᠢᠪᠠ᠃ ᠵᠢᠵᠢᠭ ᠦᠷ᠎ᠡ ᠨᠢ ᠶᠡᠭᠡ ᠬᠦᠰᠡᠯ ᠡᠷᠡᠮᠡᠯᠵᠡᠯ᠂ ᠮᠦᠬᠦᠯᠢᠭ ᠳᠦᠭᠦᠷᠡᠩ ᠪᠤᠷᠴᠠᠭ ᠨᠢ ᠯᠢᠦ ᠬᠣ᠋  ᠶᠢᠨ ᠬᠦᠰᠡᠯ ᠮᠥᠷᠥᠭᠡᠳᠦᠯ ᠢ ᠠᠴᠢᠶᠠᠯᠠᠵᠤ ᠪᠠᠶᠢᠳᠠᠭ᠂ ᠲᠡᠭᠦᠨ ᠢ ᠳᠡᠪᠲᠦᠭᠡᠬᠦ᠂ ᠨᠤᠨᠳᠠᠭᠯᠠᠬᠤ ᠵᠡᠷᠭᠡ ᠤᠷ᠎ᠠ ᠮᠡᠷᠭᠡᠵᠢᠯ  ᠢᠶᠠᠷ ᠪᠤᠷᠴᠠᠭ ᠤᠨ ᠡᠭᠡᠳᠡᠩ᠂ ᠳ᠋ᠧᠦᠹᠦ᠋᠂ ᠬᠠᠭᠤᠷᠠᠢ ᠳ᠋ᠧᠦᠹᠦ᠋ ᠵᠡᠷᠭᠡ ᠠᠮᠲᠠᠲᠤ ᠢᠳᠡᠭᠡᠨ ᠢ ᠬᠢᠵᠦ ᠪᠤᠯᠲᠠᠭ᠂ ᠡᠭᠦᠨ ᠳᠤ ᠬᠠᠭᠤᠷᠠᠢ ᠳ᠋ᠧᠦᠹᠦ᠋ ᠨᠢ ᠨᠠᠩ ᠴᠤ ᠣᠯᠠᠨ ᠵᠦᠢᠯ ᠤᠨ ᠠᠮᠲᠠᠲᠤ ᠢᠳᠡᠭᠡᠨ ᠢ ᠬᠢᠵᠦ ᠪᠤᠯᠲᠠᠭ᠂ ︽ᠬᠠᠭᠤᠷᠠᠢ ᠳ᠋ᠧᠦᠹᠦ᠋ ᠶᠢᠨ ᠠᠷᠪᠠᠨ ᠬᠤᠶᠠᠷ ᠬᠠᠳᠬᠤᠭᠤᠷ ᠤᠨ ᠠᠮᠲᠠᠲᠤ ᠢᠳᠡᠭᠡᠨ︾ ᠭᠡᠭᠳᠡᠵᠦ᠂ ᠥᠪᠡᠷ ᠥᠪᠡᠷ ᠤᠨ ᠣᠨᠴᠠᠯᠢᠭ ᠢᠶᠠᠷ ᠢᠶᠠᠨ ᠠᠮᠲᠠᠲᠠᠢ ᠪᠠᠶᠢᠳᠠᠭ᠃    ᠵᠠᠯᠭᠠᠭᠠᠳ ᠰᠤᠷᠤᠭᠴᠢᠳ ︽ᠨᠤᠲᠤᠭ ᠤᠰᠤᠨ ᠤ ᠦᠵᠡᠰᠬᠦᠯᠡᠩ᠂ ᠭᠤᠣᠯ ᠤᠨ ᠬᠥᠪᠡᠭᠡᠨ ᠳᠠᠬᠢ ᠪᠤᠷᠴᠠᠭ ᠤᠨ ᠠᠩᠬᠢᠯᠤᠮ᠎ᠠ ᠦᠨᠦᠷ︾ ᠭᠡᠬᠦ ᠭᠤᠣᠯ ᠰᠡᠳᠦᠪᠲᠦ ᠤᠬᠠᠭᠤᠯᠭ᠎ᠠ ᠶᠢᠨ ᠹᠢᠯᠢᠮ ᠢ ᠰᠣᠨᠢᠷᠬᠠᠵᠤ᠂ ᠬᠦᠷᠢᠶᠡᠯᠡᠩ ᠲᠣᠭᠤᠷᠢᠭ ᠤᠨ ᠦᠨᠳᠦᠰᠦᠨ ᠪᠠᠶᠢᠳᠠᠯ ᠢ ᠣᠶᠢᠯᠠᠭᠠᠨ᠂ ᠨᠤᠲᠤᠭ ᠤᠰᠤᠨ ᠤ ᠪᠠᠨ ᠠᠵᠤ ᠦᠢᠯᠡᠰ ᠤᠨ ᠲᠠᠩᠰᠤᠭ ᠰᠠᠶᠢᠬᠠᠨ ᠦᠨ᠎ᠡ ᠥᠷᠲᠡᠭ ᠢ ᠣᠶᠢᠯᠠᠭᠠᠪᠠ᠃ ᠦᠢᠯᠡᠳᠪᠦᠷᠢᠯᠡᠯ ᠤᠨ ᠰᠠᠭᠤᠷᠢᠨ ᠳᠤ ᠬᠦᠷᠴᠦ᠂ ᠲᠠᠷᠢᠶᠠᠯᠠᠩ ᠤᠨ ᠪᠦᠲᠦᠭᠡᠭᠳᠡᠬᠦᠨ ᠤ ᠦᠢᠯᠡᠳᠪᠦᠷᠢᠯᠡᠯ ᠤᠨ ᠱᠤᠭᠤᠮ ᠢ ᠦᠨᠡᠨᠬᠦ ᠲᠣᠭᠤᠷᠢᠨ ᠦᠵᠡᠵᠦ᠂ ᠠᠵᠢᠯᠴᠢᠳ ᠤᠨ ᠶᠠᠭᠠᠷᠠᠯᠲᠠᠢ ᠠᠵᠢᠯᠯᠠᠵᠦ ᠬᠢᠵᠠᠭᠠᠷ ᠦᠭᠡᠢ ᠦᠨ᠎ᠡ ᠦᠷᠳᠡᠭ ᠢ ᠡᠭᠦᠳᠴᠦ ᠪᠠᠶᠢᠯ᠎ᠠ᠃ ︽ᠤᠤᠯ ᠨᠢ ᠬᠤᠭᠤᠯᠠᠨ ᠰᠢᠷᠡᠭᠡᠨ ᠳᠡᠭᠡᠷ᠎ᠡ ᠳᠥᠭᠦᠮᠬᠡᠨ ᠨᠢᠭᠡ ᠬᠠᠭᠤᠷᠠᠢ ᠳ᠋ᠧᠦᠹᠦ᠋ ᠨᠣᠭᠤᠭ᠎ᠠ ᠶᠢᠨ ᠠᠷᠤ ᠳᠤ ᠡᠶᠢᠮᠦ ᠨᠠᠷᠢᠨ ᠪᠤᠳᠤᠯᠢᠶᠠᠨᠲᠠᠢ ᠠᠵᠢᠯ ᠤᠨ ᠳᠠᠷᠠᠭᠠᠯᠠᠯ  ᠲᠠᠢ ᠪᠠᠶᠢᠵᠠᠢ᠂ ᠭᠡᠲᠡᠯ᠎ᠡ ᠮᠠᠨ ᠤ ︽ᠯᠢᠦ ᠬᠣ᠋ ᠶᠢᠨ ᠭᠤᠷᠪᠠᠨ ᠡᠷᠳᠡᠨᠢ︾ ᠶᠢᠨ ᠬᠤᠯᠪᠣᠭᠳᠠᠯ ᠪᠦᠬᠦᠢ ᠠᠵᠤ ᠦᠢᠯᠡᠰ ᠢ ᠶᠡᠭᠡ ᠪᠠᠷ ᠬᠥᠭᠵᠢᠭᠦᠯᠦᠭᠰᠡᠨ ᠶᠠᠪᠤᠳᠠᠯ ᠨᠢ ᠮᠠᠰᠢ ᠣᠯᠠᠨ ᠬᠥᠮᠥᠰ ᠲᠤ ᠠᠵᠢᠯ ᠣᠯᠭᠤᠬᠤ ᠲᠣᠬᠢᠶᠠᠯ ᠣᠯᠭᠤᠭᠰᠠᠨ ᠪᠥᠭᠡᠳ ᠪᠠᠰᠠ ᠮᠠᠰᠢ ᠣᠯᠠᠨ ᠲᠠᠷᠢᠶᠠᠴᠢᠳ ᠲᠤ ᠲᠠᠸᠠᠷ ᠤᠨ ᠭᠠᠷᠬᠤ ᠵᠠᠮ ᠣᠯᠭᠤᠭᠰᠠᠨ ᠦᠨᠡᠨ ᠪᠣᠳᠠᠲᠠᠢ ᠡᠷᠳᠡᠨᠢ ᠪᠣᠯᠵᠠᠢ︾ ᠭᠡᠵᠦ ᠶᠢᠰᠦᠳᠦᠭᠡᠷ ᠣᠨ ᠳᠤ ᠬᠤᠶᠠᠳᠤᠭᠠᠷ ᠠᠩᠭᠢ ᠶᠢᠨ ᠼᠦᠢ ᠴᠢ ᠪᠠᠶᠠᠷᠲᠠᠢ ᠪᠠᠷ ᠬᠡᠯᠡᠪᠡ᠃    ᠠᠯᠬᠤᠮ ᠢᠶᠠᠷ ᠢᠶᠠᠨ ᠳᠡᠯᠡᠬᠡᠢ ᠶᠢ ᠬᠡᠮᠵᠢᠵᠦ᠂ ᠣᠨᠴᠠᠯᠢᠭ ᠢᠶᠠᠷ ᠢᠶᠠᠨ ᠠᠮᠢᠳᠤᠷᠠᠯ ᠢ ᠪᠠᠶᠠᠯᠢᠭᠵᠢᠭᠤᠯᠤᠨ᠎ᠠ᠃ ᠲᠠᠷᠢᠶᠠᠯᠠᠩ ᠤᠨ ᠣᠨᠴᠠ ᠭᠠᠷᠤᠯᠲᠠ ᠶᠢᠨ ᠦᠢᠯᠡᠰ ᠪᠣᠰᠬᠠᠬᠤ ᠠᠵᠤ ᠦᠢᠯᠡᠰ ᠤᠨ ᠬᠦᠷᠢᠶᠡᠯᠡᠩ ᠢ ᠲᠣᠭᠤᠷᠢᠨ ᠦᠵᠡᠭᠡᠳ᠂ ᠰᠤᠷᠤᠭᠴᠢᠳ ᠨᠤᠲᠤᠭ ᠤᠨ ᠢᠶᠠᠨ ᠠᠵᠤ ᠦᠢᠯᠡᠰ ᠤᠨ ᠰᠢᠨ᠎ᠡ ᠳᠦᠷᠰᠦ ᠪᠠᠶᠢᠳᠠᠯ ᠢ ᠭᠦᠨᠵᠡᠭᠡᠢ ᠣᠶᠢᠯᠠᠭᠠᠵᠤ᠂ ᠬᠠᠷᠠᠭ᠎ᠠ ᠪᠠᠨ ᠥᠷᠭᠡᠳᠬᠡᠵᠦ᠂ ᠮᠡᠳᠡᠯᠭᠡ ᠲᠠᠨᠢᠯᠲᠠ ᠪᠠᠨ ᠨᠡᠮᠡᠭᠳᠡᠭᠦᠯᠦᠭᠰᠡᠨ ᠪᠥᠭᠡᠳ ᠬᠦᠰᠡᠯ ᠵᠡᠭᠦᠳᠦ ᠲᠠᠢ ᠯᠢᠦ ᠬᠣ᠋ ᠶᠢᠨ ᠰᠤᠷᠤᠭᠴᠢ ᠪᠣᠯᠭᠠᠨ ᠬᠤᠵᠢᠮ ᠯᠢᠦ ᠬᠣ᠋ ᠶᠢᠨ ᠬᠥᠭᠵᠢᠯᠲᠡ ᠶᠢᠨ ︽ᠬᠠᠮᠲᠤ ᠠᠵᠢᠯᠯᠠᠭᠴᠢ ︾ ᠪᠣᠯᠵᠤ᠂ ᠨᠤᠲᠤᠭ ᠲᠠᠢ ᠪᠠᠨ ᠰᠠᠶᠢᠨ ᠰᠠᠶᠢᠬᠠᠨ ᠢᠷᠡᠭᠡᠳᠦᠢ ᠪᠠᠨ ᠬᠠᠮᠲᠤᠳᠬᠠᠬᠤ ᠶᠢ ᠴᠢᠩ ᠰᠡᠳᠬᠢᠯ ᠠᠴᠠ ᠪᠠᠨ ᠬᠦᠰᠡᠨ ᠪᠠᠷᠠᠯᠠᠵᠠᠢ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号