︽ᠬᠤᠷᠢᠳᠤᠭᠠᠷ ᠶᠡᠭᠡ ᠬᠤᠷᠠᠯ ᠢ ᠡᠨᠡ ᠵᠢᠯ ᠬᠤᠷᠠᠯᠳᠤᠭᠤᠯᠤᠨ᠎ᠠ᠂ ︿ᠰᠣᠷᠣᠯᠴᠠᠯᠭ᠎ᠠ ᠶᠢᠨ ᠬᠦᠴᠦᠷᠬᠡᠭ ᠣᠯᠣᠰ | ﹀ ᠶᠢ ᠲᠡᠷᠢᠭᠦᠨ ᠳᠤ ᠲᠠᠯᠪᠢᠵᠤ᠂ ᠮᠡᠳᠡᠯᠭᠡ ᠶᠢ ᠤᠯᠠᠮᠵᠢᠯᠠᠨ ᠵᠠᠯᠭᠠᠮᠵᠢᠯᠠᠬᠤ ᠶᠢ ᠲᠠᠰᠤᠯᠳᠠᠭᠤᠯᠵᠤ ᠪᠣᠯᠬᠤ ᠦᠭᠡᠢ᠂ | ᠬᠠᠭᠤᠴᠢᠨ ᠢᠶᠠᠨ ᠳᠠᠪᠲᠠᠵᠤ ᠰᠢᠨ᠎ᠡ ᠶᠢ ᠮᠡᠳᠡᠬᠦ ᠶᠢ ᠬᠡᠵᠢᠶᠡᠳᠡ ᠰᠠᠨᠠᠭᠠᠯᠵᠠᠬᠤ ᠬᠡᠷᠡᠭᠲᠡᠢ︾᠃ | ︽︿ᠨᠢᠭᠡ ᠨᠠᠮ ᠤᠨ ᠭᠡᠰᠢᠭᠦᠨ ᠬᠤᠶᠠᠷ ᠬᠦᠮᠦᠨ ᠢ ᠲᠠᠭᠠᠭᠤᠯᠬᠤ﹀ ᠢ ᠰᠠᠶᠢᠲᠤᠷ ᠤᠯᠠᠮᠵᠢᠯᠠᠵᠤ᠂ ᠰᠦᠯᠵᠢᠶᠡᠨ | ᠳᠡᠭᠡᠷ᠎ᠡ ᠪᠠ ᠰᠦᠯᠵᠢᠶᠡᠨ ᠭᠠᠳᠠᠨ᠎ᠠ ᠠᠴᠠ ᠬᠠᠷᠠᠯᠲᠠ ᠪᠠᠨ ᠲᠣᠳᠣᠷᠬᠠᠶᠢᠯᠠᠵᠤ᠂ ᠪᠦᠬᠦ ᠰᠢᠶᠠᠨ ᠢᠶᠠᠷ ᠢᠶᠠᠨ | ᠬᠥᠳᠡᠯᠦᠯᠴᠡᠵᠦ᠂ ᠨᠠᠮ ᠤᠨ ᠭᠡᠰᠢᠭᠦᠨ ᠤᠯᠠᠨ ᠲᠦᠮᠡᠨ ᠢ ᠪᠦᠷᠬᠦᠭᠦᠯᠦᠨ᠎ᠡ︾᠃ | ︽︿ᠭᠤᠷᠪᠠ ᠶᠢ ᠰᠤᠷᠤᠯᠴᠠᠵᠤ ᠨᠢᠭᠡ ᠶᠢ ᠡᠭᠦᠳᠬᠦ﹀ ᠶᠢᠨ ᠬᠤᠪᠢᠷᠠᠯᠲᠠ ᠶᠡᠭᠡ᠂ ᠰᠤᠷᠤᠯᠴᠠᠬᠤ ᠬᠡᠯᠪᠡᠷᠢ | ᠣᠯᠠᠨ ᠶᠠᠩᠵᠤ ᠶᠢᠨ ᠪᠠᠶᠢᠵᠤ᠂ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠵᠤ᠂ ᠲᠠᠰᠤᠷᠠᠯᠲᠠ ᠦᠭᠡᠢ | ᠲᠦᠯᠬᠢᠨ ᠠᠬᠢᠭᠤᠯᠵᠤ ᠪᠠᠶᠢᠭᠠᠳ ᠨᠠᠶᠢᠳᠠᠪᠤᠷᠢᠵᠢᠭᠤᠯᠵᠤ ᠳᠡᠶᠢᠯᠬᠦ ᠦᠭᠡᠢ ᠪᠠᠶᠢᠳᠠᠭ︾᠃ | ᠁ ᠁ | ᠡᠨᠡ ᠬᠦ ᠢᠷᠠᠭᠤ ᠰᠠᠶᠢᠬᠠᠨ ᠴᠠᠷᠭᠢᠯ ᠬᠤᠯᠪᠣᠭ᠎ᠠ ᠪᠣᠯ ᠬᠢᠩᠭᠠᠨ ᠠᠶᠢᠮᠠᠭ ᠤᠨ ᠲᠦᠴᠢᠦᠸᠠᠨ ᠰᠢᠶᠠᠨ ᠤ | ᠤᠯᠠᠭᠠᠨᠮᠥ᠋ᠴᠢᠷ ᠤᠨ ᠭᠡᠰᠢᠭᠦᠨ ᠯᠢ ᠨᠠ ᠶᠢᠨ ᠥᠪᠡᠷ ᠢᠶᠠᠨ ᠨᠠᠶᠢᠷᠠᠭᠤᠯᠵᠤ ᠲᠣᠭᠯᠠᠭᠰᠠᠨ ︽︿ᠰᠣᠷᠣᠯᠴᠠᠯᠭ᠎ᠠ ᠶᠢᠨ | ᠬᠦᠴᠦᠷᠬᠡᠭ ᠣᠯᠣᠰ ᠬᠡᠷᠡᠯ ᠰᠠᠴᠤᠷᠠᠩᠭᠤᠢ ᠠᠮᠵᠢᠯᠲᠠ ᠶᠢ ᠡᠭᠦᠳᠦᠶ᠎ᠡ﹀ ᠭᠡᠬᠦ ᠠᠭᠤᠯᠭ᠎ᠠ ᠲᠠᠢ ᠲᠣᠭᠯᠠᠯᠲᠠ ᠪᠣᠯᠣᠨ᠎ᠠ | ᠭᠡᠵᠦ ᠵᠢᠭᠠᠵᠤ ᠭᠠᠷᠭᠠᠪᠠ᠃ ᠯᠢ ᠨᠠ ᠶᠢᠨ ᠲᠠᠨᠢᠯᠴᠠᠭᠤᠯᠤᠭᠰᠠᠨ ᠢᠶᠠᠷ᠂ ᠭᠠᠷ ᠤᠲᠠᠰᠤᠨ ᠳᠡᠭᠡᠷ᠎ᠡ ᠠᠴᠠ ︽ | ᠰᠤᠷᠤᠯᠴᠠᠯᠭ᠎ᠠ ᠶᠢᠨ ᠬᠦᠴᠦᠷᠬᠡᠭ ᠤᠯᠤᠰ︾ App ᠢ ᠪᠠᠭᠤᠯᠭᠠᠭᠰᠠᠨ ᠠᠴᠠ ᠨᠠᠰᠢ᠂ ᠲᠡᠷᠡ ᠥᠷᠯᠥᠭᠡ ᠪᠦᠷᠢ | ᠵᠥᠭᠡᠯᠡᠨ ᠰᠣᠹᠲ ᠵᠠᠬᠢᠶᠠᠯᠠᠵᠤ᠂ ︽ᠡᠳᠦᠷ ᠪᠦᠷᠢ ᠶᠢᠨ ᠠᠯᠳᠠᠨ ᠥᠭᠦᠯᠡᠪᠦᠷᠢ︾ ᠶᠢ ᠰᠤᠷᠴᠤ᠂ ᠤᠷᠠᠨ ᠰᠠᠶᠢᠬᠠᠨ ᠤ | ᠲᠣᠭᠯᠠᠯᠲᠠ ᠶᠢᠨ ᠸᠢᠳᠢᠤ᠋ ᠶᠢ ᠦᠵᠡᠵᠦ᠂ ᠥᠪᠡᠷ ᠤᠨ ᠪᠡᠶ᠎ᠡ ᠳᠡᠭᠡᠨ ᠢᠳᠡᠪᠬᠢ ᠬᠦᠴᠦᠨ ᠲᠡᠭᠦᠯᠳᠡᠷ ᠨᠢᠭᠡ ᠡᠳᠦᠷ ᠢ | ᠨᠡᠭᠡᠭᠡᠵᠦ ᠥᠭᠲᠡᠭ ᠪᠠᠶᠢᠯ᠎ᠠ᠃ ︽ᠡᠩ ᠤᠨ ᠦᠶ᠎ᠡ ᠳᠤ ᠠᠵᠢᠯ ᠶᠠᠭᠠᠷᠠᠤ ᠦᠶ᠎ᠡ ᠳᠤ ᠪᠢ ᠬᠡᠰᠡᠭ ᠪᠤᠰᠠᠭ ᠴᠠᠭ ᠢᠶᠠᠷ | ᠰᠤᠷᠤᠯᠴᠠᠳᠠᠭ᠂ ᠵᠣᠬᠢᠶᠠᠯ ᠪᠦᠲᠦᠭᠡᠯ ᠳᠡᠭᠡᠨ ᠴᠥᠮ ᠰᠡᠳᠬᠢᠯ ᠬᠥᠳᠡᠯᠳᠡᠭ᠂ ᠦᠨᠳᠦᠰᠦᠨ ᠱᠠᠲᠤᠨ ᠤ ᠤᠳᠬ᠎ᠠ | ᠤᠷᠠᠯᠢᠭ ᠤᠨ ᠠᠵᠢᠯᠲᠠᠨ ᠪᠣᠯᠤᠭᠰᠠᠨ ᠤ ᠬᠤᠪᠢ ᠳᠤ᠂ ᠮᠢᠨᠤ ᠪᠢᠴᠢᠭᠰᠡᠨ ᠦᠭᠡ ᠥᠭᠦᠯᠡᠪᠦᠷᠢ ᠪᠦᠬᠦᠨ ᠰᠡᠳᠬᠢᠯ ᠤᠨ | ᠦᠭᠡ ᠶᠤᠮ︾᠃ | ᠣᠶᠢᠷ᠎ᠠ ᠶᠢᠨ ᠵᠢᠯ ᠠᠴᠠ᠂ ᠲᠦᠴᠢᠦᠸᠠᠨ ᠰᠢᠶᠠᠨ ᠤ ᠬᠢᠨ ᠤᠯᠤᠰ ᠲᠦᠷᠦ ᠶᠢᠨ ᠵᠣᠭᠰᠣᠴᠠ ᠪᠠᠨ ᠦᠨᠡᠨᠬᠦ | ᠳᠡᠭᠡᠭᠰᠢᠯᠡᠭᠦᠯᠬᠦ ᠶᠢᠨ ᠲᠥᠯᠥᠭᠡ᠂ ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ ᠲᠠᠪᠴᠠᠩ ᠢ | ᠳᠡᠯᠭᠡᠷᠡᠭᠦᠯᠦᠨ ᠬᠡᠷᠡᠭᠯᠡᠬᠦ ᠶᠢ ᠴᠢᠬᠤᠯᠠ ᠤᠯᠤᠰ ᠲᠦᠷᠦ ᠶᠢᠨ ᠡᠭᠦᠷᠭᠡ ᠪᠣᠯᠭᠠᠵᠤ᠂ ︽ᠲᠠᠪᠤ ᠶᠢ ᠠᠳᠬᠤᠵᠤ ᠲᠠᠪᠤ ᠶᠢ | ᠰᠤᠷᠤᠯᠴᠠᠬᠤ︾ ᠪᠠᠷ ᠳᠠᠮᠵᠢᠨ ᠰᠤᠷᠤᠯᠴᠠᠯᠭ᠎ᠠ ᠶᠢ ᠲᠠᠰᠤᠷᠠᠯᠲᠠ ᠦᠭᠡᠢ ᠭᠦᠨᠵᠡᠭᠡᠶᠢᠷᠡᠭᠦᠯᠵᠦ᠂ ᠪᠣᠳᠠᠲᠠᠶᠢᠵᠢᠭᠤᠯᠵᠤ᠂ | ᠰᠡᠳᠬᠢᠯ ᠵᠢᠷᠦᠬᠡᠨ ᠳᠡᠭᠡᠨ ᠬᠠᠳᠠᠩᠰᠢᠭᠤᠯᠵᠠᠢ᠃ ᠭᠤᠷᠪᠠᠨ ᠵᠢᠯ ᠭᠠᠷᠤᠢ ᠶᠢᠨ ᠳᠡᠯᠭᠡᠷᠡᠭᠦᠯᠦᠯᠲᠡ ᠶᠢᠨ ᠦᠢᠯᠡᠳᠦᠯᠭᠡ ᠪᠠᠷ | ᠳᠠᠮᠵᠢᠨ᠂ ᠲᠦᠴᠢᠦᠸᠠᠨ ᠰᠢᠶᠠᠨ ᠤ ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ | ᠲᠠᠪᠴᠠᠩ ᠤᠨ ᠬᠥᠮᠥᠨ ᠳᠤᠮᠳᠠᠴᠢ ᠶᠢᠨ ᠬᠤᠪᠢ ᠨᠢ ᠵᠢᠯ ᠲᠤᠷᠰᠢ ᠬᠢᠩᠭᠠᠨ ᠠᠶᠢᠮᠠᠭ ᠤᠨ ᠡᠮᠦᠨ᠎ᠡ ᠡᠩᠨᠡᠭᠡᠨ ᠳᠤ | ᠵᠢᠭᠰᠠᠭᠠᠭᠳᠠᠵᠤ᠂ ᠰᠤᠷᠤᠭᠴᠢᠳ ᠤᠨ ᠪᠦᠷᠬᠦᠴᠡ ᠶᠢᠨ ᠨᠤᠷᠮ᠎ᠠ ᠶᠢ 80% ᠠᠴᠠ ᠳᠡᠭᠡᠭᠰᠢ ᠪᠠᠶᠢᠯᠭᠠᠵᠤ᠂ | ᠦᠷᠭᠦᠯᠵᠢᠯᠡᠨ 3.5 ᠲᠦᠮᠡ ᠭᠠᠷᠤᠢ ᠨᠠᠮ ᠤᠨ ᠭᠡᠰᠢᠭᠦᠨ ᠤᠯᠠᠨ ᠲᠦᠮᠡᠨ ᠢ ᠳᠠᠶᠢᠴᠢᠯᠠᠨ ᠡᠳᠦᠷ ᠪᠦᠷᠢ | ᠰᠤᠷᠤᠯᠴᠠᠯᠭ᠎ᠠ ᠳᠤ ᠣᠷᠣᠯᠴᠠᠭᠤᠯᠵᠤ᠂ ᠪᠦᠬᠦ ᠰᠢᠶᠠᠨ ᠤ ᠡᠯ᠎ᠡ ᠨᠠᠮ ᠤᠨ ᠡᠭᠦᠷ ᠢ ᠵᠠᠭᠤᠨ ᠤ ᠵᠠᠭᠤ ᠪᠠᠷ ᠣᠷᠣᠭᠤᠯᠵᠤ᠂ | ᠠᠵᠢᠯ ᠳᠤ ᠪᠠᠶᠢᠭ᠎ᠠ ᠨᠠᠮ ᠤᠨ ᠭᠡᠰᠢᠭᠦᠨ ᠢ ᠵᠠᠭᠤᠨ ᠤ ᠵᠠᠭᠤ ᠪᠠᠷ ᠬᠡᠷᠡᠭᠯᠡᠵᠦ᠂ ᠰᠤᠷᠤᠯᠴᠠᠯᠭ᠎ᠠ ᠶᠢᠨ ᠢᠳᠡᠪᠬᠢᠴᠡ | ᠲᠣᠭᠲᠠᠭᠤᠨ ᠢᠶᠠᠷ ᠳᠡᠭᠡᠭᠰᠢᠯᠡᠭᠰᠡᠨ ᠢᠯᠡᠳᠲᠡ ᠦᠷ᠎ᠡ ᠪᠦᠲᠦᠮᠵᠢ ᠣᠯᠵᠠᠢ᠃ 2021 ᠣᠨ ᠳᠤ᠂ ᠲᠦᠴᠢᠦᠸᠠᠨ | ᠰᠢᠶᠠᠨ ᠤ ᠬᠠᠮᠢᠶᠠᠷᠤᠯᠲᠠ ᠶᠢᠨ ᠳᠤᠭᠤᠶᠢᠯᠠᠩ᠂ ᠲᠦᠴᠢᠦᠸᠠᠨ ᠰᠢᠶᠠᠨ ᠤ ᠴᠢᠮᠡᠭᠡ ᠬᠤᠯᠪᠣᠭᠠᠨ ᠤ ᠦᠷᠳᠡᠭᠡ ᠲᠣᠰᠪᠣᠷᠢ | ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠥᠪᠥᠷ ᠮᠣᠩᠭᠤᠯ ᠤᠨ ᠰᠤᠷᠤᠯᠴᠠᠯᠭ᠎ᠠ ᠶᠢᠨ ᠲᠠᠪᠴᠠᠩ ᠳᠤ ᠰᠢᠯᠢᠳᠡᠭ | ᠬᠠᠮᠢᠶᠠᠷᠤᠯᠲᠠ ᠶᠢᠨ ᠳᠤᠭᠤᠶᠢᠯᠠᠩ᠂ ᠰᠢᠯᠢᠳᠡᠭ ᠴᠢᠮᠡᠭᠡ ᠬᠤᠯᠪᠣᠭᠠᠨ ᠤ ᠦᠷᠳᠡᠭᠡ ᠪᠠᠷ ᠦᠨᠡᠯᠡᠭᠳᠡᠪᠡ᠃ | ᠦᠯᠢᠭᠡᠷ ᠳᠠᠭᠤᠷᠢᠶᠠᠯ ᠪᠣᠯᠵᠤ ᠲᠦᠷᠦᠭᠦᠯᠡᠨ ᠰᠤᠷᠤᠯᠴᠠᠬᠤ ᠶᠢ ᠪᠡᠶᠡᠯᠡᠭᠦᠯᠬᠦ ᠬᠡᠷᠡᠭᠲᠡᠢ | ︽ᠤᠳᠤᠷᠢᠳᠬᠤ ᠺᠠᠳ᠋ᠷᠴᠤᠳ ︿ᠵᠠᠩᠭᠢᠯᠠᠭ᠎ᠠ ᠶᠢᠨ ᠴᠥᠭᠡᠨ ᠲᠣᠭᠠᠲᠠᠨ﹀ ᠤ ᠳᠠᠭᠠᠭᠤᠯᠬᠤ ᠦᠢᠯᠡᠳᠦᠯ ᠢᠶᠠᠨ | ᠪᠠᠳᠠᠷᠠᠭᠤᠯᠵᠤ᠂ ᠰᠤᠷᠤᠯᠴᠠᠯᠭ᠎ᠠ ᠶᠢ ᠨᠢᠭᠡ ᠵᠦᠢᠯ ᠤᠨ ᠤᠬᠠᠮᠰᠠᠷ᠂ ᠨᠢᠭᠡ ᠵᠦᠢᠯ ᠤᠨ ᠪᠣᠯᠪᠠᠰᠤᠷᠠᠯ᠂ ᠨᠢᠭᠡ | ᠵᠦᠢᠯ ᠤᠨ ᠠᠬᠤᠢ ᠪᠠᠶᠢᠳᠠᠯ᠂ ᠨᠢᠭᠡ ᠵᠦᠢᠯ ᠤᠨ ᠬᠠᠷᠢᠭᠤᠴᠠᠯᠭ᠎ᠠ ᠪᠠᠷ ᠦᠵᠡᠵᠦ᠂ ᠡᠯ᠎ᠡ ᠱᠠᠲᠤᠨ ᠤ ᠤᠳᠤᠷᠢᠳᠬᠤ | ᠺᠠᠳ᠋ᠷᠴᠤᠳ ᠰᠢᠨᠲᠠᠷᠠᠰᠢ ᠦᠭᠡᠢ ᠢᠲᠡᠭᠡᠯ ᠵᠣᠷᠢᠭ ᠢᠶᠠᠷ ᠰᠤᠷᠤᠯᠴᠠᠵᠤ᠂ ᠡᠷᠳᠡᠮ ᠮᠡᠳᠡᠯᠭᠡ ᠰᠤᠷᠬᠤ ᠬᠦᠰᠡᠯ ᠢᠶᠠᠷ | ᠰᠤᠷᠤᠯᠴᠠᠵᠤ᠂ ᠦᠢᠯᠡᠳᠦᠯᠭᠡ ᠶᠢᠨ ᠬᠡᠷᠡᠭᠴᠡᠭᠡ ᠪᠠᠷ ᠰᠤᠷᠤᠯᠴᠠᠵᠤ᠂ ᠪᠡᠶ᠎ᠡ ᠪᠠᠷ ᠢᠶᠠᠨ ᠬᠡᠪ ᠳᠦᠷᠢᠮ ᠪᠣᠯᠵᠤ᠂ | ᠳᠡᠭᠡᠳᠦ ᠱᠠᠲᠤ ᠨᠢ ᠳᠣᠣᠷᠠᠳᠤ ᠱᠠᠲᠤ ᠪᠠᠨ ᠳᠠᠭᠠᠭᠤᠯᠬᠤ ︿ᠲᠦᠷᠦᠭᠦᠦ ᠭᠠᠯᠠᠭᠤ ᠶᠢᠨ ᠦᠢᠯᠡᠳᠦᠯ﹀ ᠢ ᠪᠤᠶ | ᠪᠣᠯᠭᠠᠬᠤ ᠬᠡᠷᠡᠭᠲᠡᠢ︾ ᠭᠡᠵᠦ ᠲᠦᠴᠢᠦᠸᠠᠨ ᠰᠢᠶᠠᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ | ᠤᠬᠠᠭᠤᠯᠬᠤ ᠬᠡᠯᠲᠡᠰ ᠤᠨ ᠳᠠᠷᠤᠭ᠎ᠠ ᠶᠠᠩ ᠪᠦᠦ ᠲᠢᠶᠠᠨ ᠪᠦᠬᠦ ᠰᠢᠶᠠᠨ ᠤ ᠦᠵᠡᠯ ᠤᠬᠠᠮᠰᠠᠷ ᠤᠨ ᠬᠡᠯᠪᠡᠷᠢ ᠶᠢᠨ | ᠠᠵᠢᠯ ᠤᠨ ᠬᠤᠷᠠᠯ᠂ ᠪᠦᠬᠦ ᠰᠢᠶᠠᠨ ᠤ ᠰᠤᠷᠲᠠᠯ ᠤᠬᠠᠭᠤᠯᠭ᠎ᠠ ᠦᠵᠡᠯ ᠰᠠᠨᠠᠭᠠᠨ ᠤ ᠠᠵᠢᠯ ᠤᠨ ᠬᠤᠷᠠᠯ ᠳᠡᠭᠡᠷ᠎ᠡ | ᠣᠯᠠᠨᠲᠠ ᠴᠢᠬᠤᠯᠠᠴᠢᠯᠠᠭᠰᠠᠨ ᠶᠤᠮ᠃ | ᠲᠦᠴᠢᠦᠸᠠᠨ ᠰᠢᠶᠠᠨ ᠤ ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ ᠲᠠᠪᠴᠠᠩ ᠢ | ᠳᠡᠯᠭᠡᠷᠡᠭᠦᠯᠦᠨ ᠬᠡᠷᠡᠭᠯᠡᠬᠦ ᠠᠵᠢᠯ ᠢ ᠤᠯᠤᠰ ᠲᠦᠷᠦ ᠶᠢ ᠡᠷᠬᠢᠮᠯᠡᠬᠦ᠂ ᠰᠤᠷᠲᠠᠯ ᠢ ᠬᠤᠪᠢᠷᠠᠭᠤᠯᠬᠤ ᠳᠡᠭᠡᠳᠦ | ᠬᠡᠮᠵᠢᠶᠡᠨ ᠳᠤ ᠬᠦᠷᠲᠡᠯ᠎ᠡ ᠠᠳᠬᠤᠪᠠ᠃ ᠭᠠᠵᠠᠷ ᠤᠨ ᠳᠡᠰ ᠤᠨ ᠤᠳᠤᠷᠢᠳᠤᠯᠭ᠎ᠠ ᠲᠣᠭᠲᠠᠮᠠᠯ ᠬᠤᠭᠤᠴᠠᠭ᠎ᠠ ᠲᠠᠢ ᠪᠠᠷ | ᠬᠤᠷᠢᠶᠠᠩᠭᠤᠶᠢᠯᠠᠨ ᠰᠠᠨᠠᠭᠤᠯᠵᠤ᠂ ᠰᠠᠯᠠᠭᠠᠨ ᠤ ᠳᠡᠰ ᠤᠨ ᠺᠠᠳ᠋ᠷ ᠢ ᠬᠢᠨᠠᠨ ᠰᠢᠯᠭᠠᠬᠤ ᠨᠡᠷᠡᠰ ᠤᠨ ᠵᠢᠭᠰᠠᠭᠠᠯᠲᠠ ᠳᠤ | ᠣᠷᠣᠭᠤᠯᠵᠤ᠂ ᠪᠠᠶᠢᠭᠤᠯᠤᠯᠭ᠎ᠠ ᠶᠢᠨ ᠨᠠᠮ ᠤᠨ ᠭᠡᠰᠢᠭᠦᠨ ᠡᠳᠦᠷ ᠪᠦᠷᠢ ᠬᠤᠪᠢ ᠪᠠᠨ ᠢᠯᠡ ᠨᠡᠶᠢᠲᠡᠯᠡᠵᠦ ᠠᠳᠠᠯᠢᠳᠬᠠᠨ | ᠰᠢᠯᠭᠠᠷᠠᠭᠤᠯᠵᠤ᠂ ᠲᠠᠷᠢᠶᠠᠴᠢᠨ ᠨᠠᠮ ᠤᠨ ᠭᠡᠰᠢᠭᠦᠨ ᠬᠤᠪᠢ ᠬᠤᠷᠠᠮᠳᠤᠭᠤᠯᠵᠤ ᠤᠳᠤᠨ ᠮᠡᠴᠢᠳ ᠢ ᠪᠤᠯᠢᠶᠠᠯᠳᠤᠨ | ᠤᠷᠮᠠᠰᠢᠭᠤᠯᠵᠤ᠂ ᠥᠷᠭᠡᠨ ᠤᠯᠠᠨ ᠲᠦᠮᠡᠨ ᠰᠤᠷᠤᠯᠴᠠᠯᠭ᠎ᠠ ᠳᠤ ᠢᠳᠡᠪᠬᠢᠲᠡᠢ ᠣᠷᠣᠯᠴᠠᠵᠠᠢ ᠁ ᠠᠮᠠᠯᠠᠯᠲᠠ ᠪᠠᠨ | ᠭᠦᠢᠴᠡᠳᠬᠡᠵᠦ᠂ ᠬᠤᠪᠢ ᠬᠤᠷᠠᠮᠳᠤᠭᠤᠯᠤᠯ ᠢᠶᠠᠨ ᠢᠯᠡᠷᠡᠭᠦᠯᠵᠦ᠂ ᠦᠯᠢᠭᠡᠷ ᠳᠠᠭᠤᠷᠢᠶᠠᠯ ᠪᠣᠯᠵᠤ᠂ ᠬᠡᠪ ᠳᠠᠭᠤᠷᠢᠶᠠᠯ | ᠪᠣᠯᠵᠤ᠂ ︽ᠨᠢᠭᠡ ᠱᠠᠲᠤ ᠨᠢ ᠨᠢᠭᠡ ᠱᠠᠲᠤ ᠪᠠᠨ ᠳᠠᠭᠠᠭᠤᠯᠵᠤ᠂ ᠨᠢᠭᠡ ᠱᠠᠲᠤ ᠨᠢ ᠨᠢᠭᠡ ᠱᠠᠲᠤ ᠳᠠᠭᠠᠨ ᠳᠠᠭᠤᠷᠢᠶᠠᠯ | ᠦᠵᠡᠭᠦᠯᠬᠦ︾ ᠰᠠᠶᠢᠨ ᠰᠠᠶᠢᠬᠠᠨ ᠪᠠᠶᠢᠳᠠᠯ ᠢ ᠪᠤᠢ ᠪᠣᠯᠭᠠᠬᠤ ᠬᠡᠷᠡᠭᠲᠡᠢ ᠭᠡᠵᠦ ᠰᠠᠨᠠᠭᠤᠯᠵᠠᠢ᠃ | ᠬᠤᠪᠢ ᠪᠠᠨ ᠲᠣᠳᠣᠷᠬᠠᠢ ᠠᠳᠬᠤᠵᠤ ᠰᠠᠨᠠᠭᠠᠴᠢᠯᠠᠭ᠎ᠠ ᠠᠴᠠ ᠪᠠᠨ ᠰᠤᠷᠤᠯᠴᠠᠬᠤ ᠶᠢ ᠪᠡᠶᠡᠯᠡᠭᠦᠯᠦᠨ᠎ᠡ | ᠲᠦᠴᠢᠦᠸᠠᠨ ᠰᠢᠶᠠᠨ ᠤ ᠲᠦᠷᠦᠯᠵᠢ ᠪᠠᠯᠭᠠᠰᠤ ᠠᠴᠠ ᠪᠦᠬᠦ ᠪᠠᠯᠭᠠᠰᠤᠨ ᠤ ᠰᠤᠷᠤᠭᠴᠢᠳ ᠢ ᠡᠳᠦᠷ ᠪᠦᠷᠢ | ᠡᠷᠬᠡᠪᠰᠢ 42 ᠬᠤᠪᠢ ᠶᠢᠨ ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ ᠲᠠᠪᠴᠠᠩ ᠤᠨ | ᠡᠭᠦᠷᠭᠡ ᠶᠢ ᠪᠡᠶᠡᠯᠡᠭᠦᠯᠵᠦ᠂ ᠣᠷᠣᠢ ᠶᠢᠨ 8 ᠴᠠᠭ ᠠᠴᠠ ᠡᠮᠦᠨ᠎ᠡ᠂ ᠡᠯ᠎ᠡ ᠳᠤᠭᠤᠶᠢᠯᠠᠩ ᠤᠨ ᠬᠠᠮᠢᠶᠠᠷᠤᠭᠴᠢ ᠠᠴᠠ | ᠲᠤᠰ ᠳᠤᠭᠤᠶᠢᠯᠠᠩ ᠤᠨ ᠰᠤᠷᠤᠭᠴᠢᠳ ᠢ ᠱᠠᠯᠠᠪᠳᠠᠭᠤᠯᠤᠨ ᠵᠢᠯᠤᠭᠤᠳᠬᠤ ᠠᠵᠢᠯ ᠢ ᠪᠡᠶᠡᠯᠡᠭᠦᠯᠬᠦ ᠶᠢᠨ ᠬᠠᠮᠲᠤ ᠪᠦᠬᠦ | ᠪᠠᠯᠭᠠᠰᠤᠨ ᠤ ᠶᠡᠷᠦᠩᠬᠡᠢ ᠪᠦᠯᠦᠭᠯᠡᠯ ᠳᠤ ᠰᠤᠷᠤᠯᠴᠠᠯᠭ᠎ᠠ ᠶᠢᠨ ᠪᠠᠶᠢᠳᠠᠯ ᠢᠶᠠᠨ ᠬᠠᠷᠢᠭᠤ ᠮᠡᠳᠡᠭᠦᠯᠵᠦ᠂ ᠰᠤᠷᠤᠭᠴᠢ | ᠨᠢᠭᠡᠪᠦᠷᠢ ᠶᠢᠨ ᠡᠳᠦᠷ ᠪᠦᠷᠢ ᠶᠢᠨ ᠰᠤᠷᠤᠯᠴᠠᠯᠭ᠎ᠠ ᠶᠢᠨ ᠡᠭᠦᠷᠭᠡ ᠶᠢ ᠴᠥᠮ ᠪᠠᠷᠢᠮᠵᠢᠶ᠎ᠠ ᠳᠤ ᠬᠦᠷᠭᠡᠬᠦ ᠶᠢ ᠪᠠᠲᠤᠯᠠᠬᠤ | ᠬᠡᠷᠡᠭᠲᠡᠢ ᠭᠡᠵᠦ ᠱᠠᠭᠠᠷᠳᠠᠪᠠ᠃ ᠰᠤᠷᠤᠭᠴᠢᠳ ︽ᠰᠤᠷᠤᠯᠭ᠎ᠠ ᠶᠢᠨ ᠬᠤᠪᠢ ᠪᠠᠨ ᠨᠡᠶᠢᠲᠡᠯᠡᠬᠦ︾ ᠵᠢᠵᠢᠭ ᠫᠷᠣᠭ᠍ᠷᠠᠮ ᠤᠨ | ᠬᠤᠶᠠᠷ ᠬᠡᠮᠵᠢᠯᠲᠦ ᠲᠡᠮᠳᠡᠭ ᠢ ᠰᠢᠷᠪᠢᠬᠦ ᠪᠠᠷ ᠳᠡᠮᠵᠢᠨ ᠪᠥᠬᠦ ᠪᠠᠯᠭᠠᠰᠤᠨ ᠳᠠᠬᠢ ᠨᠡᠷᠡᠰ ᠤᠨ ᠵᠢᠭᠰᠠᠭᠠᠯᠲᠠ ᠶᠢᠨ | ᠪᠠᠶᠢᠳᠠᠯ ᠢᠶᠠᠨ ᠣᠯᠵᠤ ᠪᠣᠯᠣᠨ᠎ᠠ᠃ ᠮᠥᠷᠥᠶᠢᠴᠡᠵᠦ ᠬᠤᠪᠢ ᠬᠤᠷᠠᠮᠳᠤᠭᠤᠯᠬᠤ ᠪᠠᠷ ᠲᠠᠮᠵᠢᠨ᠂ ᠲᠦᠷᠦᠯᠵᠢ | ᠪᠠᠯᠭᠠᠰᠤ ᠶᠢᠨ ᠬᠢᠨ ᠡᠯ᠎ᠡ ᠬᠠᠮᠢᠶᠠᠷᠤᠯᠲᠠ ᠶᠢᠨ ᠳᠤᠭᠤᠶᠢᠯᠠᠩ ᠤᠨ ᠰᠤᠷᠤᠯᠴᠠᠯᠭ᠎ᠠ ᠶᠢᠨ ᠪᠦᠷᠬᠦᠴᠡ ᠶᠢᠨ ᠨᠤᠷᠮ᠎ᠠ | ᠪᠣᠯᠣᠨ ᠰᠤᠷᠤᠭᠴᠢᠳ ᠤᠨ ᠣᠷᠤᠯᠴᠠᠬᠤ ᠬᠡᠮᠵᠢᠶ᠎ᠡ ᠶᠢ ᠲᠠᠰᠤᠷᠠᠯᠳᠡ ᠦᠭᠡᠢ ᠳᠡᠭᠡᠭᠰᠢᠯᠡᠭᠦᠯᠵᠦ᠂ ᠪᠦᠬᠦ | ᠪᠠᠯᠭᠠᠰᠤ ᠪᠠᠷ ᠢᠶᠠᠨ ︽ᠮᠥᠷᠥᠶᠢᠴᠡᠵᠦ ᠰᠤᠷᠬᠤ ᠬᠥᠭᠡᠭᠡᠵᠦ ᠭᠦᠢᠴᠡᠬᠦ ᠳᠠᠪᠠᠵᠤ ᠭᠠᠷᠬᠤ︾ ᠰᠠᠶᠢᠨ ᠰᠠᠶᠢᠬᠠᠨ ᠠᠭᠤᠷ | ᠠᠮᠢᠰᠬᠤᠯ ᠢ ᠪᠤᠢ ᠪᠣᠯᠭᠠᠪᠠ᠃ | | | | | | ᠰᠤᠷᠤᠭᠴᠢᠳ ︽ᠰᠤᠷᠤᠯᠭ᠎ᠠ ᠶᠢᠨ ᠬᠤᠪᠢ ᠪᠠᠨ ᠨᠡᠶᠢᠲᠡᠯᠡᠬᠦ︾ ᠵᠢᠵᠢᠭ ᠫᠷᠣᠭ᠍ᠷᠠᠮ ᠢ ᠠᠰᠢᠭᠯᠠᠨ ᠨᠡᠷᠡᠰ ᠤᠨ | ᠵᠢᠭᠰᠠᠭᠠᠯᠲᠠ ᠶᠢ ᠪᠠᠶᠢᠴᠠᠭᠠᠨ ᠯᠠᠪᠯᠠᠵᠤ ᠪᠠᠶᠢᠨ᠎ᠠ᠃︵ᠰᠡᠭᠦᠳᠡᠷᠯᠡᠪᠡ᠄ ᠽᠧᠩ ᠯᠢᠩ ᠭᠠᠩ︶ | ᠰᠠᠶᠢᠨ ᠰᠤᠷᠤᠯᠴᠠᠪᠠᠯ ᠰᠠᠶ᠋ᠢ ᠰᠠᠶᠢᠨ ᠦᠢᠯᠡᠴᠢᠯᠡᠵᠦ ᠴᠢᠳᠠᠨ᠎ᠠ᠃ ᠰᠦᠯᠵᠢᠶᠡᠨ ᠠᠴᠠ ᠭᠠᠳᠠᠭᠤᠷᠬᠢ | ᠰᠤᠷᠤᠯᠴᠠᠯᠭ᠎ᠠ ᠶᠢᠨ ᠢᠳᠡᠪᠬᠢᠴᠡ ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ ᠲᠥᠯᠥᠭᠡ᠂ ᠲᠦᠴᠢᠦᠸᠠᠨ ᠰᠢᠶᠠᠨ | ︽ᠬᠠᠷᠠᠯᠲᠠ ᠪᠠᠷ ᠮᠠᠬᠠᠯᠠᠶ ᠳᠤᠨᠢ ᠭᠠᠷᠬᠤ ᠪᠠᠷ ᠮᠡᠷᠡᠶᠢᠨ ᠴᠢᠷᠮᠠᠶᠢᠬᠤ︾᠂ ︽ᠵᠢᠷᠭᠢᠶ᠎ᠡ ᠶᠢᠨ ᠤᠯᠠᠨ ᠢᠶᠠᠷ ᠢᠶᠠᠨ ᠬᠤᠪᠢ | ᠬᠤᠷᠠᠮᠳᠤᠭᠤᠯᠬᠤ︾᠂ ︽ᠰᠤᠷᠤᠯᠴᠠᠯᠭ᠎ᠠ ᠶᠢᠨ ᠳᠤᠭᠤᠶᠢᠯᠠᠩ ᠤᠨ ᠵᠥᠷᠢᠶ᠎ᠡ ᠶᠢ ᠦᠵᠡᠬᠦ︾᠂ ︽ᠣᠶᠤᠨᠲᠤ ᠲᠡᠰ | ᠳᠠᠷᠠᠭᠠᠯᠠᠯ ᠢᠶᠠᠷ ᠨᠡᠷᠡᠰ ᠤᠨ ᠵᠢᠭᠰᠠᠭᠠᠯᠲᠠ ᠶᠢ ᠪᠠᠶᠢᠴᠠᠭᠠᠬᠤ︾ ᠵᠡᠷᠭᠡ ᠠᠵᠢᠯᠯᠠᠭ᠎ᠠ ᠶᠢᠨ ᠲᠦᠷᠦᠯ ᠵᠦᠢᠯ ᠢ | ᠲᠣᠭᠲᠠᠭᠠᠵᠤ᠂ ᠰᠢᠶᠠᠨ ᠰᠢᠶᠠᠩ ᠬᠤᠶᠠᠷ ᠱᠠᠲᠤᠨ ᠤ ᠨᠠᠮ ᠤᠨ ᠬᠤᠷᠢᠶ᠎ᠠ︵ᠨᠠᠮ ᠤᠨ ᠤᠳᠤᠷᠢᠳᠬᠤ ᠳᠤᠭᠤᠶᠢᠯᠠᠩ︶ ᠶᠢᠨ | ᠤᠨᠤᠯ ᠰᠤᠷᠤᠯᠴᠠᠬᠤ ᠭᠤᠣᠯ ᠳᠤᠭᠤᠶᠢᠯᠠᠩ ᠭᠡᠬᠦ ᠡᠨᠡᠬᠦ ︽ᠵᠠᠩᠭᠢᠯᠠᠭ᠎ᠠ ᠶᠢᠨ ᠴᠥᠭᠡᠨ ᠲᠣᠭᠠᠲᠠᠨ︾ ᠢ ᠪᠠᠲᠤ | ᠴᠢᠩᠭ᠎ᠠ ᠠᠳᠬᠤᠵᠤ᠂ ︽ᠰᠤᠷᠤᠯᠭ᠎ᠠ ᠶᠢᠨ ᠬᠤᠪᠢ ᠪᠠᠨ ᠭᠠᠶᠢᠬᠠᠭᠤᠯᠬᠤ᠂ ᠮᠠᠬᠠᠯᠠᠶ ᠳᠤᠨᠢ ᠭᠠᠷᠬᠤ ᠪᠠᠷ ᠮᠡᠷᠡᠶᠢᠨ | ᠴᠢᠷᠮᠠᠶᠢᠬᠤ᠂ ᠦᠯᠢᠭᠡᠷ ᠳᠠᠭᠤᠷᠢᠶᠠᠯ ᠪᠣᠯᠬᠤ︾ ᠠᠵᠢᠯᠯᠠᠭ᠎ᠠ ᠶᠢ ᠦᠷᠭᠦᠯᠵᠢᠯᠡᠨ ᠰᠠᠶᠢᠲᠤᠷ ᠥᠷᠨᠢᠭᠦᠯᠵᠦ᠂ ᠬᠠᠷᠢᠯᠴᠠᠨ | ᠬᠥᠭᠡᠭᠡᠴᠡᠯᠳᠦᠬᠦ ᠶᠠᠪᠤᠴᠠ ᠳᠤ ︽ᠰᠤᠷᠤᠯᠴᠠᠯᠭ᠎ᠠ ᠶᠢ ᠡᠷᠬᠢᠮᠯᠡᠬᠦ᠂ ᠳᠤᠷᠠᠲᠠᠶ᠎ᠠ ᠰᠤᠷᠤᠯᠴᠠᠬᠤ︾ ᠠᠮᠢᠳᠤᠯᠢᠭ | ᠪᠠᠶᠢᠳᠠᠯ ᠢ ᠪᠣᠢ ᠪᠣᠯᠭᠠᠨ᠎ᠠ᠃ | ᠱᠠᠩᠨᠠᠵᠤ ᠲᠣᠷᠭᠠᠬᠤ ᠶᠢ ᠠᠳᠬᠤᠵᠤ ᠤᠷᠮᠠᠰᠢᠭᠤᠯᠬᠤ ᠤᠬᠠᠭᠠᠨ ᠢ ᠪᠡᠶᠡᠯᠡᠭᠦᠯᠬᠦ ᠬᠡᠷᠡᠭᠲᠡᠢ | ︽︿ᠰᠣᠷᠣᠯᠴᠠᠯᠭ᠎ᠠ ᠶᠢᠨ ᠬᠦᠴᠦᠷᠬᠡᠭ ᠣᠯᠣᠰ﹀ ᠰᠤᠷᠤᠯᠴᠠᠯᠭ᠎ᠠ ᠶᠢᠨ ᠲᠠᠪᠴᠠᠩ ᠨᠢ ᠨᠠᠳᠠ ᠳᠤ | ᠰᠤᠷᠤᠯᠴᠠᠯᠭ᠎ᠠ ᠶᠢᠨ ᠬᠠᠪᠤ ᠴᠡᠩᠭᠡᠯ ᠢ ᠡᠳ᠋ᠯᠡᠭᠦᠯᠦᠭᠰᠡᠨ ᠢᠶᠠᠷ ᠪᠠᠷᠠᠬᠤ ᠦᠭᠡᠢ᠂ ᠬᠠᠶᠠ ᠪᠠᠰᠠ ᠰᠤᠷᠤᠯᠴᠠᠯᠭ᠎ᠠ ᠪᠠᠷ | ᠳᠠᠮᠵᠢᠨ ᠠᠶᠢᠮᠠᠭ ᠤᠨ ᠲᠡᠰ᠂ ᠰᠢᠶᠠᠨ ᠤ ᠲᠡᠰ ᠤᠨ ᠬᠥᠬᠢᠭᠦᠯᠦᠯ ᠢ ᠬᠦᠷᠲᠡᠵᠦ᠂ ᠨᠣᠮ ᠪᠢᠴᠢᠭ᠂ ᠴᠣᠮᠣ ᠵᠡᠷᠭᠡ ᠶᠢᠨ | ᠱᠠᠩᠨᠠᠯ ᠬᠥᠬᠢᠭᠦᠯᠦᠯ ᠢ ᠬᠦᠷᠲᠡᠳᠡᠭ︾ ᠲᠦᠴᠢᠦᠸᠠᠨ ᠰᠢᠶᠠᠨ ᠤ ᠲᠦᠷᠦᠯᠵᠢ ᠪᠠᠯᠭᠠᠰᠤᠨ ᠤ ᠲᠠᠢ ᠫᠢᠩ ᠲᠣᠰᠬᠤᠨ ᠤ | ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ ᠲᠠᠪᠴᠠᠩ ᠤᠨ ᠬᠠᠮᠢᠶᠠᠷᠤᠯᠲᠠ ᠶᠢᠨ | ᠳᠤᠭᠤᠶᠢᠯᠠᠩ ᠤᠨ ᠬᠠᠮᠢᠶᠠᠷᠤᠭᠴᠢ ᠶᠠᠩ ᠵᠤᠤ ᠴᠢ ᠪᠠᠶᠠᠷᠲᠠᠢ ᠪᠠᠷ ᠶᠠᠷᠢᠨ᠎ᠠ᠃ | ᠶᠠᠩ ᠵᠤᠤ ᠴᠢ ᠡᠨᠡ ᠬᠤᠶᠠᠷ ᠡᠳᠦᠷ ᠲᠣᠰᠬᠤᠨ ᠤ ᠠᠷᠠᠳ ᠲᠠᠢ ᠰᠤᠷᠤᠯᠴᠠᠯᠭ᠎ᠠ ᠶᠢᠨ ᠲᠤᠷᠰᠢᠯᠭ᠎ᠠ ᠪᠠᠨ | ᠳ᠋ᠦᠩᠨᠡᠵᠦ᠂ ᠥᠷᠢᠰᠦᠯᠳᠦᠭᠡᠨ ᠤ ᠰᠡᠳᠦᠪ ᠬᠠᠷᠢᠭᠤᠯᠬᠤ ᠴᠢᠳᠠᠪᠤᠷᠢ ᠪᠠᠨ ᠳᠡᠭᠡᠭᠰᠢᠯᠡᠭᠦᠯᠵᠦ᠂ ᠪᠤᠰᠤᠳ | ᠬᠠᠮᠢᠶᠠᠷᠤᠯᠲᠠ ᠶᠢᠨ ᠳᠤᠭᠤᠶᠢᠯᠠᠩ ᠤᠨ ᠢᠷᠡᠭᠦᠯᠦᠭᠰᠡᠨ ᠥᠷᠢᠰᠦᠯᠳᠦᠭᠡᠨ ᠢ ᠤᠭᠲᠤᠬᠤ ᠪᠠᠷ ᠴᠠᠭ ᠢᠮᠠᠭᠲᠠ ᠪᠡᠯᠡᠬᠡᠨ | ᠪᠠᠶᠢᠯ᠎ᠠ᠃ | ᠱᠠᠩᠨᠠᠬᠤ ᠳᠠᠭᠠᠨ ︽ᠳᠣᠲᠣᠷ᠎ᠠ ᠲᠠᠢ ᠲᠠᠯ᠎ᠠ ᠲᠠᠢ︾᠂ ᠵᠠᠯᠬᠠᠭᠠᠬᠤ ᠳᠠᠭᠠᠨ ︽ᠦᠨᠡᠨ ᠪᠣᠳᠠᠲᠠᠢ ᠪᠠᠷ ᠬᠢᠬᠦ︾ | ᠬᠡᠷᠡᠭᠲᠡᠢ᠃ ᠲᠦᠴᠢᠦᠸᠠᠨ ᠰᠢᠶᠠᠨ ᠤ ᠬᠢᠨ ᠪᠦᠬᠦ ᠰᠢᠶᠠᠨ ᠤ ᠬᠡᠪᠴᠢᠶᠡᠨ ᠳᠤ ᠰᠢᠯᠢᠳᠡᠭ ᠬᠠᠮᠢᠶᠠᠷᠤᠯᠲᠠ ᠶᠢᠨ | ᠳᠤᠭᠤᠶᠢᠯᠠᠩ᠂ ᠰᠢᠯᠢᠳᠡᠭ ᠬᠠᠮᠢᠶᠠᠷᠤᠭᠴᠢ᠂ ᠰᠢᠯᠢᠳᠡᠭ ᠴᠢᠮᠡᠭᠡᠯᠡᠭᠴᠢ᠂ ᠰᠤᠷᠤᠯᠴᠠᠯᠭ᠎ᠠ ᠶᠢᠨ ᠢᠳᠡᠪᠬᠢᠲᠡᠨ ᠢ ᠰᠣᠩᠭᠤᠨ | ᠭᠠᠷᠭᠠᠵᠤ ᠬᠥᠬᠢᠭᠦᠯᠦᠨ ᠱᠠᠩᠨᠠᠨ᠎ᠠ᠃ ᠡᠭᠦᠨ ᠤ ᠬᠠᠮᠲᠤ᠂ ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠵᠢᠱᠢᠶᠡᠴᠢ | ᠥᠷᠢᠰᠦᠯᠳᠦᠭᠡᠨ ᠤ ᠤᠷᠤᠯᠳᠤᠭᠠᠨ ᠢ ᠡᠷᠭᠢᠯᠡᠵᠦ᠂ ᠰᠤᠷᠤᠭᠴᠢᠳ ᠤᠨ ᠢᠳᠡᠪᠬᠢᠵᠢᠯ ᠢ ᠬᠥᠭᠵᠢᠭᠡᠪᠡ᠃ | ᠣᠳᠣᠬᠠᠨ ᠳᠤ᠂ ᠪᠥᠬᠦ ᠰᠢᠶᠠᠨ ᠤ 315 ᠰᠤᠷᠤᠯᠴᠠᠯᠭ᠎ᠠ ᠶᠢᠨ ᠬᠠᠮᠢᠶᠠᠷᠤᠯᠲᠠ ᠶᠢᠨ ᠳᠤᠭᠤᠶᠢᠯᠠᠩ ᠨᠢᠭᠡᠨᠲᠡ | ᠵᠢᠱᠢᠶᠡᠴᠢ ᠶᠢᠨ ᠥᠷᠢᠰᠦᠯᠳᠦᠭᠡᠨ ᠤ ᠠᠵᠢᠯᠯᠠᠭ᠎ᠠ ᠶᠢ ᠨᠡᠶᠢᠳᠡᠮ ᠥᠷᠨᠢᠭᠦᠯᠵᠦ᠂ ᠴᠢ ᠪᠠᠢ ᠨᠢᠩ᠂ ᠵᠣᠣ ᠵᠢᠶᠦ᠋ᠨ ᠹᠠᠩ | ᠵᠡᠷᠭᠡ ᠨᠢᠭᠡ ᠪᠦᠯᠦᠭ ᠰᠤᠷᠤᠯᠴᠠᠯᠭ᠎ᠠ ᠶᠢᠨ ︽ᠥᠷᠢᠰᠦᠯᠳᠦᠭᠡᠨ ᠳᠤ ᠭᠠᠷᠮᠠᠭᠠᠢ︾ ︽ᠰᠤᠷᠤᠯᠴᠠᠯᠭ᠎ᠠ ᠶᠢᠨ ᠵᠢᠱᠢᠶᠡᠴᠢ | ︾ ᠴᠣᠯᠭᠤᠷᠠᠨ ᠭᠠᠷᠤᠭᠰᠠᠨ ᠪᠠᠶᠢᠨ᠎ᠠ᠃ ᠡᠭᠦᠨ ᠠᠴᠠ ᠭᠠᠳᠠᠨ᠎ᠠ᠂ ᠲᠦᠴᠢᠦᠸᠠᠨ ᠰᠢᠶᠠᠨ ᠤ ᠰᠤᠷᠤᠯᠴᠠᠯᠭ᠎ᠠ ᠶᠢᠨ | ᠢᠳᠡᠪᠬᠢᠵᠢᠯ ᠨᠢ ᠥᠨᠳᠥᠷ ᠪᠢᠰᠢ᠂ ᠬᠦᠨᠳᠦᠳᠬᠡᠬᠦ ᠬᠡᠮᠵᠢᠶ᠎ᠡ ᠪᠠᠷ ᠬᠦᠷᠦᠯᠴᠡᠬᠦ ᠦᠭᠡᠢ᠂ ᠲᠤᠶᠢᠯᠪᠤᠷᠢᠲᠠᠢ | ᠲᠤᠤᠱᠯᠠᠭᠤᠯᠤᠨ ᠬᠡᠷᠡᠭᠵᠢᠭᠦᠯᠦᠭᠰᠡᠨ ᠦᠭᠡᠢ ᠰᠤᠷᠤᠯᠴᠠᠯᠭ᠎ᠠ ᠶᠢᠨ ᠬᠠᠮᠢᠶᠠᠷᠤᠯᠲᠠ ᠶᠢᠨ ᠳᠤᠭᠤᠶᠢᠯᠠᠩ ᠤᠨ ᠱᠠᠩᠨᠠᠵᠤ | ᠲᠣᠷᠭᠠᠬᠤ ᠶᠢ ᠵᠡᠷᠭᠡ ᠪᠠᠷ ᠴᠢᠬᠤᠯᠠᠴᠢᠯᠠᠵᠤ᠂ ᠬᠤᠪᠢᠳᠠᠨ ᠬᠠᠮᠢᠶᠠᠷᠴᠤ ᠪᠠᠶᠢᠭ᠎ᠠ ᠤᠳᠤᠷᠢᠳᠤᠯᠭ᠎ᠠ ᠠᠴᠠ ᠱᠠᠲᠤ | ᠳᠠᠷᠠᠭᠠᠯᠠᠨ ︽ᠨᠢᠭᠡ ᠳᠤ ᠨᠢᠭᠡ ᠲᠠᠢ︾ ᠪᠣᠯᠵᠣᠨ ᠶᠠᠷᠢᠯᠴᠠᠨ᠎ᠠ᠃ | | | | | | ᠶᠠᠩ ᠵᠣᠣ ᠴᠢ ᠶᠢᠨ ︽ᠤᠯᠤᠰ ᠢᠶᠠᠨ ᠬᠦᠴᠦᠷᠬᠡᠭᠵᠢᠭᠦᠯᠬᠦ ᠠᠴᠠ ᠰᠤᠷᠤᠯᠴᠠᠶ᠎ᠠ︾ ᠭᠡᠬᠦ ᠰᠢᠯᠭᠠᠯᠲᠠ ᠶᠢᠨ | ᠰᠡᠳᠦᠪ ᠢ ᠬᠠᠷᠢᠭᠤᠯᠵᠤ ᠪᠣᠭᠤᠮᠲᠠ ᠥᠩᠭᠡᠷᠡᠬᠦ ᠪᠠᠷ ᠥᠷᠢᠰᠦᠯᠳᠦᠪᠡ᠃︵ᠰᠡᠭᠦᠳᠡᠷᠯᠡᠪᠡ᠄ ᠽᠧᠩ ᠯᠢᠩ ᠭᠠᠩ︶ | ᠠᠵᠢᠯᠯᠠᠭ᠎ᠠ ᠶᠢ ᠠᠳᠬᠤᠵᠤ ᠬᠥᠲᠥᠯᠥᠨ ᠵᠢᠯᠤᠭᠤᠳᠬᠤ ᠤᠬᠠᠭᠠᠨ ᠢ ᠪᠡᠶᠡᠯᠡᠭᠦᠯᠬᠦ | ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ ᠲᠠᠪᠴᠠᠩ ᠢᠶᠠᠷ ᠰᠤᠷᠤᠯᠴᠠᠯᠭ᠎ᠠ ᠶᠢᠨ | ᠬᠥᠳᠡᠯᠭᠡᠭᠦ ᠬᠦᠴᠦᠨ ᠢ ᠬᠥᠭᠵᠢᠭᠡᠵᠦ᠂ ᠠᠵᠢᠯ ᠬᠢᠵᠦ ᠦᠢᠯᠡᠰ ᠪᠣᠰᠬᠠᠬᠤ ᠤᠨᠤᠯ ᠤᠨ ᠡᠷᠳᠡᠨᠢᠰ ᠤᠨ ᠬᠥᠮᠥᠷᠭᠡ᠂ | ᠰᠦᠭ ᠰᠦᠨᠡᠰᠦ ᠶᠢ ᠱᠤᠭᠤᠬᠤ ᠤᠶᠤᠨ ᠰᠠᠨᠠᠭᠠᠨ ᠤ ᠭᠡᠷ ᠣᠷᠣᠨ ᠢ ᠴᠣᠭᠴᠠᠯᠠᠵᠤ᠂ ᠲᠦᠴᠢᠦᠸᠠᠨ ᠰᠢᠶᠠᠨ ᠤ ᠬᠢᠨ | ᠬᠠᠷᠠᠯᠲᠠ ᠶᠢᠨ ᠡᠭᠦᠷᠭᠡ ᠲᠠᠢ ᠨᠢᠭᠲᠠ ᠤᠶᠠᠯᠳᠤᠭᠤᠯᠵᠤ᠂ ︽ᠲᠥᠪᠯᠡᠷᠡᠭᠦᠯᠦᠨ ᠰᠤᠷᠤᠯᠴᠠᠬᠤ + ᠪᠡᠶ᠎ᠡ ᠪᠠᠨ | ᠳᠠᠭᠠᠭᠠᠵᠤ ᠰᠤᠷᠤᠯᠴᠠᠬᠤ︾᠂ ︽ᠰᠦᠯᠵᠢᠶᠡᠨ ᠠᠴᠠ ᠰᠤᠷᠤᠯᠴᠠᠬᠤ + ᠰᠦᠯᠵᠢᠶᠡᠨ ᠠᠴᠠ ᠭᠠᠳᠠᠭᠤᠷ ᠰᠤᠷᠤᠯᠴᠠᠬᠤ | ︾᠂ ︽ᠲᠤᠰᠬᠠᠢ ᠰᠡᠳᠦᠪᠲᠦ ᠰᠤᠷᠤᠯᠴᠠᠬᠤ + ᠰᠤᠳᠤᠯᠤᠨ ᠶᠠᠷᠢᠯᠴᠠᠬᠤ ᠤᠬᠠᠭᠠᠨ︾᠂ ︽ᠤᠨᠤᠯ ᠤᠨ ᠤᠬᠠᠭᠠᠨ | + ᠦᠢᠯᠡᠳᠦᠯᠭᠡ ᠶᠢᠨ ᠤᠬᠠᠭᠠᠨ︾ ᠤ ︽ᠰᠤᠷᠤᠯᠴᠠᠯᠭ᠎ᠠ 4+︾ ᠵᠠᠭᠪᠤᠷ ᠢ ᠰᠢᠨ᠎ᠡ ᠪᠠᠷ ᠡᠭᠦᠳᠴᠦ᠂ ᠰᠤᠷᠤᠯᠴᠠᠬᠤ | ᠬᠡᠷᠡᠭᠯᠡᠬᠦ ᠳᠡᠯᠭᠡᠷᠡᠭᠦᠯᠬᠦ ᠶᠢ ᠪᠦᠬᠦᠨ ᠢ ᠪᠦᠷᠬᠦᠬᠦᠯᠬᠦ᠂ ᠤᠨᠤᠯ ᠢᠶᠠᠷ ᠵᠡᠪᠰᠡᠭᠯᠡᠬᠦ ᠶᠢ ᠳᠡᠭᠡᠭᠰᠢᠯᠡᠭᠦᠯᠬᠦ ᠶᠢ ᠪᠠᠲᠤᠯᠠᠪᠠ᠃ | ᠡᠭᠦᠨ ᠤ ᠵᠡᠷᠭᠡᠪᠡᠷ᠂ 70 ᠭᠠᠷᠤᠢ ᠨᠢᠭᠡᠴᠡ᠂ 1.5 ᠲᠦᠮᠡᠨ ᠨᠠᠮ ᠤᠨ ᠭᠡᠰᠢᠭᠦᠨ ᠺᠠᠳ᠋ᠷ ᠢ ᠵᠣᠬᠢᠶᠠᠨ ᠪᠠᠶᠢᠭᠤᠯᠵᠤ ︽ | ᠬᠦᠴᠦᠷᠬᠡᠭ ᠤᠯᠤᠰ ᠲᠤ ᠰᠤᠷᠤᠯᠴᠠᠬᠤ᠂ ᠲᠦᠷᠪᠡᠨ ᠲᠡᠦᠬᠡ ᠰᠤᠷᠤᠯᠴᠠᠬᠤ᠂ ᠰᠡᠳᠬᠢᠯ ᠨᠢᠭᠡᠳᠦᠨ ︽ᠰᠤᠷᠤᠯᠴᠠᠬᠤ | ᠬᠦᠴᠦᠷᠬᠡᠭ ᠤᠯᠤᠰ﹀﹀ ᠢ ᠪᠠᠶᠢᠭᠤᠯᠬᠤ︾ ᠮᠡᠳᠡᠯᠭᠡ ᠶᠢᠨ ᠤᠷᠤᠯᠳᠤᠭᠠᠨ ᠤ ᠠᠵᠢᠯᠯᠠᠭ᠎ᠠ ᠳᠤ ᠣᠷᠣᠯᠴᠠᠭᠤᠯᠵᠤ᠂ ᠺᠠᠳ᠋ᠷ | ᠤᠯᠠᠨ ᠲᠦᠮᠡᠨ ᠢ ︽ᠠᠳᠠᠯᠢᠳᠬᠠᠬᠤ ᠰᠤᠷᠤᠯᠴᠠᠬᠤ ᠭᠦᠢᠴᠡᠬᠦ ᠬᠠᠪᠰᠤᠷᠬᠤ ᠳᠠᠪᠠᠭ᠋ᠤ︾ ᠳᠤᠮᠳᠠ ᠭᠦᠨ ᠵᠤᠵᠠᠭᠠᠨ | ᠰᠤᠷᠤᠯᠴᠠᠬᠤ ᠠᠭᠤᠷ ᠠᠮᠢᠰᠬᠤᠯ ᠲᠠᠢ ᠪᠣᠯᠭᠠᠪᠠ᠃ | ᠲᠣᠭᠲᠠᠴᠠ ᠶᠢ ᠠᠳᠬᠤᠨ ᠬᠡᠪ ᠤᠨ ᠪᠠᠶᠢᠳᠠᠯ ᠢᠶᠠᠷ ᠰᠤᠷᠤᠯᠴᠠᠬᠤ ᠶᠢ ᠪᠡᠶᠡᠯᠡᠭᠦᠯᠦᠨ᠎ᠠ | ᠲᠠᠷᠢᠶᠠᠯᠠᠩ ᠤᠨ ᠰᠡᠯᠡᠭᠦᠦ ᠴᠠᠭ ᠢ ᠠᠮᠵᠢᠵᠤ᠂ ᠲᠦᠴᠢᠦᠸᠠᠨ ᠰᠢᠶᠠᠨ ᠤ ᠲᠠᠢ ᠫᠢᠩ ᠰᠢᠶᠠᠩ ᠤᠨ 70 ᠨᠠᠰᠤᠲᠠᠢ | ᠠᠬᠠᠮᠠᠳ ᠨᠠᠮ ᠤᠨ ᠭᠡᠰᠢᠭᠦᠨ ᠱᠢ ᠷᠦᠢ ᠴᠢᠤᠸᠠᠨ ︽ᠰᠣᠷᠣᠯᠴᠠᠯᠭ᠎ᠠ ᠶᠢᠨ ᠬᠦᠴᠦᠷᠬᠡᠭ ᠣᠯᠣᠰ︾ | ᠰᠤᠷᠤᠯᠴᠠᠯᠭ᠎ᠠ ᠶᠢᠨ ᠳ᠋ᠦᠩᠨᠡᠯᠲᠡ ᠶᠢ ᠰᠡᠳᠬᠢᠯ ᠰᠢᠭᠤᠳᠤᠨ ᠪᠢᠴᠢᠵᠦ᠂ ᠰᠤᠷᠤᠯᠴᠠᠯᠭ᠎ᠠ ᠶᠢᠨ ᠣᠯᠣᠯᠲᠠ ᠪᠠᠨ | ᠰᠤᠷᠤᠯᠴᠠᠯᠭ᠎ᠠ ᠶᠢᠨ ᠬᠠᠮᠢᠶᠠᠷᠤᠯᠲᠠ ᠶᠢᠨ ᠳᠤᠭᠤᠶᠢᠯᠠᠩ ᠤᠨ ᠪᠤᠰᠤᠳ ᠪᠦᠷᠢᠯᠳᠦᠭᠦᠨ ᠳᠤ ᠬᠤᠪᠢᠶᠠᠨ ᠡᠳ᠋ᠯᠡᠭᠦᠯᠬᠦ ᠪᠠᠷ | ᠪᠡᠯᠡᠳᠬᠡᠪᠡ᠃ | ︽ᠪᠢ ᠬᠡᠳᠦᠶᠢᠪᠡᠷ ᠲᠠᠷᠢᠶᠠᠴᠢᠨ ᠪᠣᠯᠪᠠᠴᠤ ᠪᠠᠰᠠ ᠨᠢᠭᠡᠨ ᠨᠠᠮ ᠤᠨ ᠭᠡᠰᠢᠭᠦᠨ ᠮᠥᠨ᠂ ᠪᠢ ᠨᠠᠮ ᠤᠨ | ᠭᠡᠰᠢᠭᠦᠨ ᠤ ᠵᠢᠱᠢᠶᠡᠴᠢ ᠳᠠᠭᠠᠭᠤᠯᠬᠤ ᠦᠢᠯᠡᠳᠦᠯ ᠢ ᠢᠳᠡᠪᠬᠢᠲᠡᠢ ᠪᠠᠷ ᠪᠠᠳᠠᠷᠠᠭᠤᠯᠵᠤ᠂ ᠳᠡᠷᠭᠡᠳᠡᠬᠢ ᠬᠥᠮᠥᠰ ᠢᠶᠠᠨ | ᠳᠠᠶᠢᠴᠢᠯᠠᠨ ᠰᠤᠷᠤᠯᠴᠠᠭᠤᠯᠤᠨ᠎ᠠ᠂ ᠪᠢ ᠪᠠᠰᠠ ᠦᠷᠭᠦᠯᠵᠢᠯᠡᠨ ᠰᠤᠷᠤᠯᠴᠠᠵᠤ᠂ ᠪᠦᠬᠦ ᠤᠯᠤᠰ ᠤᠨ ︿ᠰᠤᠷᠤᠯᠴᠠᠯᠭ᠎ᠠ | ᠶᠢᠨ ᠬᠦᠴᠦᠷᠬᠡᠭ ᠤᠯᠤᠰ﹀ ᠤᠨ ᠰᠤᠷᠤᠯᠴᠠᠯᠭ᠎ᠠ ᠶᠢᠨ ᠲᠠᠪᠴᠠᠩ ᠤᠨ ᠶᠡᠷᠦᠩᠬᠡᠢ ᠬᠤᠪᠢ ᠬᠤᠷᠠᠮᠳᠤᠭᠤᠯᠤᠯ ᠤᠨ | ᠨᠢᠭᠡᠳᠦᠭᠡᠷ ᠲᠤ ᠣᠷᠣᠬᠤ PK ᠤᠷᠤᠯᠳᠤᠭᠠᠨ ᠳᠤ ᠣᠷᠤᠯᠴᠠᠬᠤ ᠪᠠᠷ ᠴᠢᠷᠮᠠᠶᠢᠨ᠎ᠠ︾ ᠭᠡᠵᠦ ᠬᠡᠯᠡᠭᠰᠡᠨ ᠪᠠᠶᠢᠨ᠎ᠠ᠂ | ᠪᠢ ᠪᠠᠰᠠ ᠦᠷᠭᠦᠯᠵᠢᠯᠡᠨ ᠰᠤᠷᠤᠯᠴᠠᠵᠤ᠂ ᠪᠦᠬᠦ ᠤᠯᠤᠰ ᠤᠨ ︿ᠰᠤᠷᠤᠯᠴᠠᠯᠭ᠎ᠠ ᠶᠢᠨ ᠬᠦᠴᠦᠷᠬᠡᠭ ᠤᠯᠤᠰ﹀ ᠤᠨ | ᠰᠤᠷᠤᠯᠴᠠᠯᠭ᠎ᠠ ᠶᠢᠨ ᠲᠠᠪᠴᠠᠩ ᠤᠨ ᠶᠡᠷᠦᠩᠬᠡᠢ ᠬᠤᠪᠢ ᠬᠤᠷᠠᠮᠳᠤᠭᠤᠯᠤᠯ ᠤᠨ ᠨᠢᠭᠡᠳᠦᠭᠡᠷ ᠲᠤ ᠣᠷᠣᠬᠤ ᠪᠠᠷ | ᠴᠢᠷᠮᠠᠶᠢᠨ᠎ᠠ ᠭᠡᠵᠦ ᠱᠢ ᠷᠦᠢ ᠴᠢᠤᠸᠠᠨ ᠢᠲᠡᠭᠡᠯ ᠲᠡᠭᠦᠯᠳᠡᠷ ᠬᠡᠯᠡᠪᠡ᠃ | | | | | | ᠱᠢ ᠷᠦᠢ ᠴᠢᠤᠸᠠᠨ ᠲᠦᠴᠢᠦᠸᠠᠨ ᠰᠢᠶᠠᠨ ᠤ︽ᠰᠣᠷᠣᠯᠴᠠᠯᠭ᠎ᠠ ᠶᠢᠨ ᠬᠦᠴᠦᠷᠬᠡᠭ ᠣᠯᠣᠰ︾ᠶᠡᠷᠦᠩᠬᠡᠢ | ᠵᠢᠱᠢᠶᠡᠴᠢ ᠶᠢᠨ ᠥᠷᠢᠰᠦᠯᠳᠦᠭᠡᠨ ᠤ ᠤᠷᠤᠯᠳᠤᠭᠠᠨ ᠳᠤ ᠣᠷᠣᠯᠴᠠᠪᠠ᠃︵ᠰᠡᠭᠦᠳᠡᠷᠯᠡᠪᠡ᠄ ᠽᠧᠩ ᠯᠢᠩ ᠭᠠᠩ︶ | ᠰᠤᠷᠤᠯᠴᠠᠬᠤᠶ ᠳᠤᠷ ᠳᠠᠭᠠᠭᠠᠮᠠᠭᠠᠢ ᠪᠠᠶᠢᠬᠤ ᠶᠢ ᠡᠷᠬᠢᠮᠯᠡᠮᠦᠢ᠂ ᠰᠤᠷᠤᠯᠴᠠᠬᠤᠶ ᠳᠤᠷ ᠪᠣᠳᠠᠲᠠᠢ ᠶᠢ ᠡᠷᠬᠢᠮᠯᠡᠬᠦ | ᠬᠡᠷᠡᠭᠲᠡᠢ᠃ | ᠲᠦᠴᠢᠦᠸᠠᠨ ᠰᠢᠶᠠᠨ ᠤ ᠡᠯ᠎ᠡ ︽ᠰᠣᠷᠣᠯᠴᠠᠯᠭ᠎ᠠ ᠶᠢᠨ ᠬᠦᠴᠦᠷᠬᠡᠭ ᠣᠯᠣᠰ︾ ᠰᠤᠷᠤᠯᠴᠠᠯᠭ᠎ᠠ ᠶᠢᠨ | ᠲᠠᠪᠴᠠᠩ ᠤᠨ ᠬᠠᠮᠢᠶᠠᠷᠤᠯᠲᠠ ᠶᠢᠨ ᠳᠤᠭᠤᠶᠢᠯᠠᠩ ᠠᠴᠠ ᠥᠨᠳᠥᠷ ᠳᠤᠮᠳᠠ ᠳᠣᠣᠷ᠎ᠠ ᠬᠤᠪᠢ ᠣᠯᠣᠭᠰᠠᠨ | ᠰᠤᠷᠤᠭᠴᠢᠳ ᠲᠤ ᠠᠮᠢᠳᠤᠯᠢᠭ ᠬᠠᠮᠢᠶᠠᠷᠤᠯᠲᠠ ᠶᠢ ᠬᠡᠷᠡᠭᠵᠢᠭᠦᠯᠪᠡ᠃ ᠬᠤᠪᠢ ᠬᠤᠷᠠᠮᠳᠤᠭᠤᠯᠤᠯ ᠢᠶᠠᠷ ᠨᠡᠯᠢᠶᠡᠳ | ᠳᠣᠣᠷ᠎ᠠ ᠰᠣᠷᠣᠭᠴᠢ ᠶᠢᠨ ᠲᠣᠭᠲᠠᠭᠠᠭᠰᠠᠨ ᠱᠠᠲᠤ ᠦᠶ᠎ᠡ ᠳᠤ ᠬᠠᠷᠠᠯᠲᠠ ᠠᠴᠠ ᠳᠠᠪᠠᠭᠰᠠᠨ ᠪᠠᠶᠢᠳᠠᠯ ᠳᠤ | ᠴᠢᠭᠯᠡᠭᠦᠯᠦᠨ᠂ ᠬᠤᠪᠢ ᠬᠤᠷᠠᠮᠳᠤᠭᠤᠯᠤᠯ ᠢᠶᠠᠷ ᠥᠨᠳᠥᠷ ᠰᠣᠷᠣᠭᠴᠢ ᠪᠠᠷ ᠬᠤᠪᠢ ᠬᠤᠷᠠᠮᠳᠤᠭᠤᠯᠤᠯ ᠢᠶᠠᠷ ᠳᠣᠣᠷ᠎ᠠ | ᠰᠣᠷᠣᠭᠴᠢ ᠶᠢ ᠬᠠᠪᠰᠤᠷᠤᠭᠤᠯᠵᠤ᠂ ᠰᠤᠷᠤᠯᠴᠠᠬᠤ ᠢᠲᠡᠭᠡᠯ ᠵᠣᠷᠢᠭ ᠢ ᠨᠢ ᠵᠣᠷᠢᠭᠵᠢᠭᠤᠯᠤᠨ᠎ᠠ︔ ᠬᠤᠪᠢ | ᠬᠤᠷᠠᠮᠳᠤᠭᠤᠯᠤᠯ ᠢᠶᠠᠷ ᠨᠡᠯᠢᠶᠡᠳ ᠥᠨᠳᠥᠷ ᠰᠤᠷᠤᠭᠴᠢᠳ ᠲᠤ ᠲᠣᠭᠲᠠᠮᠠᠯ ᠬᠤᠭᠤᠴᠠᠭ᠎ᠠ ᠲᠠᠢ ᠪᠠᠷ ︽︿ | ᠰᠣᠷᠣᠯᠴᠠᠯᠭ᠎ᠠ ᠶᠢᠨ ᠬᠦᠴᠦᠷᠬᠡᠭ ᠣᠯᠣᠰ﹀ ᠰᠤᠷᠤᠯᠴᠠᠯᠭ᠎ᠠ ᠶᠢᠨ ᠲᠠᠪᠴᠠᠩ ᠢ ᠬᠤᠷᠠᠯᠳᠤᠭᠤᠯᠵᠤ ᠨᠠᠳᠠ ᠳᠤ ᠶᠠᠮᠠᠷ | ᠣᠯᠣᠯᠲᠠ ᠣᠯᠭᠤᠬᠤ︾ ᠰᠤᠷᠤᠯᠴᠠᠯᠭ᠎ᠠ ᠰᠣᠯᠢᠯᠴᠠᠭᠠᠨ ᠤ ᠬᠤᠷᠠᠯ ᠢ ᠬᠤᠷᠠᠯᠳᠤᠭᠤᠯᠵᠤ᠂ ᠰᠤᠷᠤᠭᠴᠢ ᠨᠢᠭᠡᠪᠦᠷᠢ ᠶᠢᠨ | ᠢᠳᠡᠪᠬᠢᠵᠢᠯ ᠢ ᠭᠦᠢᠴᠡᠳ ᠳᠠᠶᠢᠴᠢᠯᠠᠪᠠ᠃ | ᠲᠦᠴᠢᠦᠸᠠᠨ ᠰᠢᠶᠠᠨ ᠤ ᠬᠢᠨ ᠦᠷᠭᠦᠯᠵᠢᠯᠡᠨ ᠰᠤᠷᠤᠯᠴᠠᠬᠤ ᠵᠠᠮ ᠳᠠᠭᠠᠨ ᠴᠥᠬᠦᠷᠡᠰᠢ ᠦᠭᠡᠢ ᠲᠡᠮᠡᠴᠡᠵᠦ᠂ | ᠤᠯᠤᠰ ᠢᠶᠠᠨ ᠬᠦᠴᠦᠷᠬᠡᠭᠵᠢᠭᠦᠯᠬᠦ ᠵᠠᠮ ᠳᠡᠭᠡᠷ᠎ᠡ ᠰᠠᠯᠬᠢ ᠬᠦᠯᠦᠭᠯᠡᠨ ᠬᠦᠰᠡᠯ ᠵᠡᠭᠦᠳᠦ ᠪᠠᠨ ᠬᠥᠭᠡᠭᠡᠴᠡᠯᠳᠦᠵᠦ᠂ | ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ᠂ ᠠᠵᠤ ᠦᠢᠯᠡᠰ ᠢ ᠠᠭᠤᠰᠤᠯᠴᠠᠭᠤᠯᠬᠤ᠂ ᠠᠮᠢ ᠠᠬᠤᠢ ᠶᠢᠨ | ᠪᠣᠯᠪᠠᠰᠤᠨ᠂ ᠬᠤᠳᠠ ᠶᠢᠨ ᠰᠢᠨᠡᠴᠢᠯᠡᠯᠲᠡ᠂ ᠥᠭᠡᠷᠡᠴᠢᠯᠡᠯᠲᠡ ᠨᠡᠭᠡᠭᠡᠯᠲᠡ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ | ︽ᠵᠢᠷᠭᠤᠭᠠᠨ ᠶᠡᠭᠡ ᠡᠭᠦᠷᠭᠡ︾ ᠶᠢ ᠰᠠᠶᠢᠲᠤᠷ ᠠᠳᠬᠤᠬᠤ ᠪᠠᠷ ᠵᠢᠯᠣᠭᠤᠳᠤᠯᠭ᠎ᠠ ᠪᠣᠯᠭᠠᠵᠤ᠂ ᠦᠵᠡᠯ ᠰᠠᠨᠠᠭ᠎ᠠ | ᠤᠯᠤᠰ ᠲᠦᠷᠦ᠂ ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ᠂ ᠺᠠᠳ᠋ᠷ ᠤᠨ ᠡᠩᠨᠡᠭᠡ᠂ ᠨᠠᠮ ᠤᠨ ᠰᠤᠷᠲᠠᠯ | ᠴᠢᠬᠡᠴᠢ ᠵᠠᠰᠠᠭ᠂ ᠦᠢᠯᠡᠴᠢᠯᠡᠭᠡᠨ ᠤ ᠦᠷ᠎ᠡ ᠪᠦᠲᠦᠮᠵᠢ᠂ ᠲᠦᠷᠦ ᠪᠠᠷᠢᠬᠤ ᠴᠢᠳᠠᠪᠤᠷᠢ ︽ᠵᠢᠷᠭᠤᠭᠠᠨ ᠶᠡᠭᠡ | ᠪᠠᠶᠢᠭᠤᠯᠤᠯᠲᠠ︾ ᠶᠢ ᠴᠢᠩᠭᠠᠳᠬᠠᠬᠤ ᠪᠠᠷ ᠤᠳᠤᠷᠢᠳᠤᠮᠵᠢ ᠪᠣᠯᠭᠠᠵᠤ᠂ ᠲᠦᠴᠢᠦᠸᠠᠨ ᠰᠢᠶᠠᠨ ᠤ ᠴᠢᠨᠠᠷ ᠰᠠᠶᠢᠲᠠᠢ | ᠬᠥᠭᠵᠢᠯᠲᠡ ᠶᠢᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠶ᠎ᠡ︕ | | | | |