ᠲᠦᠴᠢᠦᠸᠠᠨ ᠰᠢᠶᠠᠨ᠄ ᠣᠯᠠᠨ ᠭᠠᠷ ᠢᠶᠠᠷ ᠢᠶᠠᠨ ᠮᠢᠩᠭᠠᠨ ᠠᠭᠤᠯᠠ ᠶᠢ ᠨᠣᠭᠤᠭᠠᠷᠠᠭᠤᠯᠪᠠ
ᠨᠡᠶᠢᠲᠡᠯᠡᠭᠰᠡᠨ ᠴᠠᠭ᠄
2022/5/20
    ᠨᠢᠭᠡ ᠰᠠᠭᠤᠷᠢ ᠴᠢᠬᠢ ᠰᠠᠭᠤᠯᠭᠠᠵᠤ᠂ ᠨᠢᠭᠡ ᠬᠡᠰᠡᠭ ᠨᠣᠭᠤᠭᠠᠨ ᠭᠠᠵᠠᠷ ᠢ ᠪᠣᠶᠢᠵᠢᠭᠤᠯᠵᠤ᠂ ᠨᠢᠭᠡ ᠲᠠᠯ᠎ᠠ ᠶᠢᠨ ᠠᠷᠠᠳ ᠲᠦᠮᠡᠨ ᠳᠤ ᠠᠰᠢᠭ ᠬᠦᠷᠲᠡᠭᠡᠨ᠎ᠡ᠃ ᠣᠶᠢᠷ᠎ᠠ ᠶᠢᠨ ᠡᠳᠦᠷ ᠤᠳ ᠲᠤ᠂ ᠬᠢᠩᠭᠠᠨ ᠠᠶᠢᠮᠠᠭ ᠤᠨ ᠲᠦᠴᠢᠦᠸᠠᠨ ᠰᠢᠶᠠᠨ ᠤ ᠡᠯ᠎ᠡ ᠭᠠᠵᠠᠷ ᠲᠤ ᠮᠠᠰᠢ ᠲᠦᠷᠭᠡᠨ ᠢᠶᠠᠷ ᠮᠣᠳᠣ ᠲᠠᠷᠢᠵᠤ ᠨᠣᠭᠤᠭᠠᠷᠠᠭᠤᠯᠤᠯᠲᠠ ᠶᠢ ᠬᠠᠮᠠᠭᠠᠯᠠᠬᠤ ᠬᠠᠯᠠᠭᠤᠨ ᠥᠷᠨᠢᠯᠲᠡ ᠭᠠᠷᠴᠤ᠂ ᠮᠣᠳᠣ ᠲᠠᠷᠢᠬᠤ ᠲᠤᠬᠠᠢ ᠶᠢᠨ ᠲᠠᠯᠠᠪᠠᠢ ᠳᠤ ᠶᠠᠭᠠᠷᠠᠯᠲᠠᠢ ᠪᠠᠶᠢᠳᠠᠯ ᠢᠯᠡᠷᠡᠵᠦ᠂ ᠴᠢᠬᠢ ᠰᠠᠭᠤᠯᠭᠠᠬᠤ᠂ ᠰᠢᠷᠣᠢ ᠨᠡᠮᠡᠬᠦ᠂ ᠭᠢᠰᠬᠢᠬᠦ᠂ ᠤᠰᠤᠯᠠᠬᠤ᠂ ᠣᠶᠢᠵᠢᠭᠤᠯᠬᠤ ᠠᠵᠢᠯᠴᠢᠳ ᠰᠡᠳᠬᠢᠯ ᠰᠠᠨᠠᠭ᠎ᠠ ᠪᠠᠨ ᠮᠡᠳᠡᠯᠴᠡᠵᠦ᠂ ᠠᠵᠢᠯᠴᠢ ᠬᠥᠳᠡᠯᠮᠦᠷᠢᠴᠢ ᠬᠦᠴᠦ ᠬᠥᠯᠥᠰᠦ ᠪᠠᠷ ᠢᠶᠠᠨ ᠪᠦᠬᠦ ᠰᠢᠶᠠᠨ ᠤ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠳᠤ ᠭᠢᠯᠠᠯᠵᠠᠭᠰᠠᠨ ᠬᠠᠭᠤᠳᠠᠰᠤ ᠶᠢ ᠵᠢᠷᠤᠭᠰᠠᠨ ᠪᠠᠶᠢᠨ᠎ᠠ᠃
     ᠲᠦᠴᠢᠦᠸᠠᠨ ᠰᠢᠶᠠᠨ ᠳᠤ ᠠᠭᠯᠠᠭ ᠠᠭᠤᠯᠠ ᠶᠢ ᠨᠣᠭᠤᠭᠠᠷᠠᠭᠤᠯᠬᠤ ᠠᠵᠢᠯᠯᠠᠭ᠎ᠠ ᠶᠢ ᠥᠷᠨᠢᠭᠦᠯᠪᠡ᠃︵ᠰᠡᠭᠦᠳᠡᠷᠯᠡᠪᠡ᠄ ᠵᠠᠩ ᠵᠢᠶᠠ︶      ᠲᠦᠴᠢᠦᠸᠠᠨ ᠰᠢᠶᠠᠨ ᠤ ᠬᠢᠨ ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ ᠠᠭᠤᠯᠠ ᠮᠥᠨ︾ ᠭᠡᠬᠦ ᠬᠥᠭᠵᠢᠯᠲᠡ ᠶᠢᠨ ᠣᠶᠢᠯᠠᠭᠠᠭᠳᠠᠬᠤᠨ ᠢ ᠪᠠᠷᠢᠮᠲᠠᠯᠠᠵᠤ᠂ ᠤᠯᠤᠰ ᠤᠨ ᠤᠢ ᠰᠢᠭᠤᠢ ᠶᠢᠨ ᠦᠢᠯᠡᠰ ᠤᠨ ᠭᠤᠣᠯᠳᠠᠯᠭ᠎ᠠ ᠲᠠᠢ ᠲᠦᠷᠦᠯ ᠵᠦᠢᠯ ᠲᠠᠢ ᠤᠶᠠᠯᠳᠤᠭᠤᠯᠵᠤ᠂ ᠤᠯᠤᠰ ᠤᠨ ᠨᠤᠲᠤᠭ ᠳᠡᠪᠢᠰᠬᠡᠷ ᠢ ᠨᠣᠭᠤᠭᠠᠷᠠᠭᠤᠯᠬᠤ ᠪᠠ ᠠᠮᠢ ᠠᠬᠤᠢ ᠶᠢ ᠰᠡᠷᠭᠦᠭᠡᠬᠦ ᠬᠤᠶᠠᠷ ᠭᠤᠣᠯ ᠱᠤᠭᠤᠮ ᠤᠨ ᠲᠣᠭᠤᠷᠢᠨ ᠳᠤ ᠡᠷᠲᠡ ᠠᠴᠠ ᠬᠥᠳᠡᠯᠵᠦ᠂ ᠡᠷᠲᠡ ᠠᠴᠠ ᠲᠣᠬᠢᠷᠠᠭᠤᠯᠵᠤ᠂ ᠠᠯᠪᠠᠨ ᠵᠢᠷᠤᠮ ᠤᠨ ᠮᠣᠳᠣ ᠳᠠᠷᠢᠬᠤ ᠶᠢ ᠲᠥᠪᠯᠡᠷᠡᠭᠦᠯᠦᠨ ᠵᠠᠶᠢᠯᠠᠬᠤ ᠪᠠ ᠮᠣᠳᠣ ᠳᠠᠷᠢᠬᠤ ᠭᠠᠷᠠᠭ ᠲᠤ ᠥᠪᠡᠷ ᠢᠶᠠᠨ ᠲᠡᠵᠢᠭᠡᠵᠦ ᠵᠠᠶᠢᠯᠠᠬᠤ ᠵᠡᠷᠭᠡ ᠠᠷᠭ᠎ᠠ ᠬᠡᠯᠪᠡᠷᠢ ᠪᠠᠷ ᠳᠠᠮᠵᠢᠭᠤᠯᠵᠤ᠂ ᠬᠥᠬᠡᠮᠳᠦᠭ ᠠᠭᠤᠯᠠ ᠮᠥᠩᠬᠡ ᠣᠷᠣᠰᠢᠬᠤ᠂ ᠨᠣᠮᠢᠨ ᠤᠰᠤ ᠮᠥᠩᠬᠡ ᠤᠷᠤᠰᠬᠤ᠂ ᠠᠭᠠᠷ ᠦᠷᠭᠦᠯᠵᠢ ᠰᠢᠨ᠎ᠡ ᠪᠠᠶᠢᠳᠠᠭ ᠦᠵᠡᠰᠬᠦᠯᠡᠩᠲᠦ ᠰᠠᠶᠢᠬᠠᠨ ᠲᠦᠴᠢᠦᠸᠠᠨ ᠢ ᠠᠮᠵᠢᠯᠲᠠ ᠲᠠᠢ ᠴᠣᠭᠴᠠᠯᠠᠨ ᠪᠠᠶᠢᠭᠤᠯᠤᠨ᠎ᠠ᠃ 2022 ᠣᠨ ᠳᠤ᠂ ᠲᠦᠴᠢᠦᠸᠠᠨ ᠰᠢᠶᠠᠨ ᠤ ᠬᠢᠨ 6.07 ᠲᠦᠮᠡᠨ ᠮᠦ ᠶᠢ ᠨᠣᠭᠤᠭᠠᠷᠠᠭᠤᠯᠵᠤ ᠣᠶᠢᠵᠢᠭᠤᠯᠬᠤ ᠡᠭᠦᠷᠭᠡ ᠶᠢ ᠪᠡᠶᠡᠯᠡᠭᠦᠯᠬᠦ ᠪᠠᠷ ᠵᠢᠱᠢᠵᠦ᠂ ᠡᠭᠦᠨ ᠳᠤ 2.07 ᠲᠦᠮᠡᠨ ᠮᠦ ᠶᠢ ᠬᠥᠮᠥᠨ ᠤ ᠬᠦᠴᠦ ᠪᠠᠷ ᠣᠶᠢᠵᠢᠭᠤᠯᠬᠤ᠂ ᠮᠠᠭᠤᠳᠠᠭᠰᠠᠨ ᠤᠢ ᠶᠢ 3 ᠲᠦᠮᠡᠨ ᠮᠦ ᠶᠢ ᠬᠤᠪᠢᠶᠠᠨ ᠰᠡᠯᠪᠢᠨ ᠵᠠᠰᠠᠬᠤ᠂ ᠴᠢᠨᠠᠷ ᠮᠠᠭᠤ ᠦᠷ᠎ᠡ ᠠᠰᠢᠭ ᠢᠶᠠᠷ ᠳᠣᠣᠷ᠎ᠠ ᠤᠢ ᠶᠢ 1 ᠲᠦᠮᠡᠨ ᠮᠦ ᠶᠢ ᠥᠭᠡᠷᠡᠴᠢᠯᠡᠨ ᠵᠠᠰᠠᠬᠤ᠂ 11 ᠲᠣᠰᠬᠤᠨ ᠢ ᠨᠣᠭᠤᠭᠠᠷᠠᠭᠤᠯᠵᠤ ᠭᠤᠶᠣᠵᠢᠭᠤᠯᠬᠤ ᠶᠢ ᠪᠡᠶᠡᠯᠡᠭᠦᠯᠬᠦ ᠪᠠᠷ ᠲᠥᠯᠥᠪᠯᠡᠵᠦ ᠪᠤᠢ᠃ ᠣᠲᠣ ᠪᠣᠯᠲᠠᠯ᠎ᠠ᠂ 4.07 ᠲᠦᠮᠡᠨ ᠮᠦ ᠶᠢ ᠨᠣᠭᠤᠭᠠᠷᠠᠭᠤᠯᠵᠤ ᠣᠶᠢᠵᠢᠭᠤᠯᠬᠤ ᠶᠢ ᠪᠡᠶᠡᠯᠡᠭᠦᠯᠪᠡ᠃
     ᠲᠣᠰᠬᠤᠨ ᠤ ︽ᠬᠤᠶᠠᠷ ᠵᠥᠪᠯᠡᠯ︾︾ ᠤᠨ ᠪᠦᠷᠢᠯᠳᠦᠭᠦᠨ ᠰᠠᠶᠢᠨ ᠳᠤᠷ᠎ᠠ ᠶᠢᠨ ᠠᠵᠢᠯᠯᠠᠭᠰᠠᠳ ᠲᠠᠢ ᠬᠠᠮᠵᠢᠯᠴᠠᠨ ᠲᠣᠰᠬᠤᠨ ᠤ ᠨᠣᠭᠤᠭᠠᠷᠠᠭᠤᠯᠤᠯᠲᠠ ᠶᠢ ᠥᠷᠨᠢᠭᠦᠯᠦᠨ᠎ᠡ᠃︵ᠭᠡᠷᠡᠯ ᠵᠢᠷᠤᠭ᠄ ᠵᠣᠣ ᠬᠤᠸᠠᠨ︶      ᠨᠤᠲᠤᠭ ᠳᠡᠪᠢᠰᠬᠡᠷ ᠢ ᠨᠣᠭᠤᠭᠠᠷᠠᠭᠤᠯᠬᠤ ᠠᠵᠢᠯᠯᠠᠭ᠎ᠠ ᠶᠢ ᠲᠦᠯᠬᠢᠨ ᠠᠬᠢᠭᠤᠯᠤᠨ᠎ᠠ᠃ ᠲᠦᠴᠢᠦᠸᠠᠨ ᠰᠢᠶᠠᠨ ᠤ  ᠬᠢᠨ ︽ᠵᠠᠰᠠᠭ ᠤᠨ ᠣᠷᠳᠣᠨ ᠬᠥᠲᠥᠯᠥᠨ ᠵᠢᠯᠤᠭᠤᠳᠬᠤ᠂ ᠨᠡᠶᠢᠭᠡᠮ ᠨᠡᠶᠢᠲᠡ ᠪᠠᠷ ᠢᠶᠠᠨ ᠣᠷᠤᠯᠴᠠᠬᠤ᠂ ᠭᠤᠣᠯ ᠴᠣᠭᠴᠠ ᠪᠠᠷ ᠢᠶᠠᠨ ᠠᠰᠢᠭ ᠭᠥᠷᠳᠡᠬᠦ︾ ᠣᠶᠢᠵᠢᠭᠤᠯᠬᠤ ᠵᠠᠭᠪᠤᠷ ᠢ ᠰᠦᠪᠡᠭᠴᠢᠯᠡᠨ ᠪᠠᠶᠢᠭᠤᠯᠵᠤ᠂ ᠲᠥᠪ᠂ ᠥᠪᠡᠷᠲᠡᠭᠡᠨ ᠵᠠᠰᠠᠬᠤ ᠣᠷᠣᠨ ᠤ ᠣᠶ ᠰᠢᠭᠤᠢ ᠶᠢᠨ ᠭᠤᠣᠯᠳᠠᠯᠭ᠎ᠠ ᠲᠠᠢ ᠢᠨᠵᠧᠨᠧᠷᠢᠩ ᠤᠨ ᠣᠶᠢᠵᠢᠭᠤᠯᠤᠯᠲᠠ ᠪᠠᠷ ᠣᠷᠣᠨ ᠨᠤᠲᠤᠭ ᠤᠨ ᠡᠳ᠋ ᠤᠨ ᠵᠠᠰᠠᠭ ᠤᠨ ᠣᠷᠣᠭᠤᠯᠤᠯᠲᠠ ᠶᠢ ᠳᠠᠶᠢᠴᠢᠯᠠᠨ᠂ ᠲᠠᠷᠢᠶᠠᠴᠢᠳ ᠤᠨ ᠬᠦᠴᠦ ᠬᠥᠳᠡᠯᠮᠦᠷᠢ ᠣᠷᠣᠭᠤᠯᠬᠤ ᠶᠢ ᠳᠠᠶᠢᠴᠢᠯᠠᠨ᠂ ᠱᠠᠩᠨᠠᠬᠤ ᠪᠠᠷ ᠨᠥᠬᠦᠪᠦᠷᠢ ᠶᠢ ᠣᠷᠣᠯᠠᠭᠤᠯᠬᠤ ᠤᠷᠮᠠᠰᠢᠭᠤᠯᠬᠤ ᠬᠡᠯᠪᠡᠷᠢ ᠪᠠᠷ ᠣᠶᠢᠵᠢᠭᠤᠯᠵᠤ᠂ ᠭᠤᠣᠯᠳᠠᠯᠭ᠎ᠠ ᠲᠠᠢ ᠣᠷᠣᠨ ᠪᠦᠰᠡ᠂ ᠵᠢᠮᠢᠰ ᠤᠨ ᠮᠣᠳᠣᠨ ᠤ ᠠᠵᠤ ᠠᠬᠤᠢ ᠶᠢᠨ ᠣᠶ ᠂ ᠪᠠᠯᠭᠠᠰᠤ ᠲᠣᠰᠬᠤᠨ ᠤ ᠨᠣᠭᠤᠭᠠᠷᠠᠭᠤᠯᠤᠯᠲᠠ ᠵᠡᠷᠭᠡ ᠲᠥᠷᠥᠯ ᠵᠦᠢᠯ ᠲᠠᠢ ᠤᠶᠠᠯᠳᠤᠭᠤᠯᠤᠨ᠂ ᠣᠶ ᠰᠢᠭᠤᠢ ᠶᠢᠨ ᠭᠤᠣᠯᠳᠠᠯᠭ᠎ᠠ ᠲᠠᠢ ᠢᠨᠵᠧᠨᠧᠷᠢᠩ ᠤᠨ ᠣᠶᠢᠵᠢᠭᠤᠯᠤᠯᠲᠠ ᠶᠢᠨ ᠪᠦᠲᠦᠭᠡᠨ ᠪᠠᠶᠢᠭᠤᠯᠤᠯᠲᠠ ᠶᠢᠨ ᠬᠢᠷᠢ ᠲᠦᠪᠰᠢᠨ ᠢ ᠳᠡᠭᠡᠭᠰᠢᠯᠡᠭᠦᠯᠪᠡ᠃ 2022 ᠣᠨ ᠤ ᠡᠬᠢᠨ ᠠᠴᠠ ᠨᠠᠰᠢ᠂ ᠲᠦᠴᠢᠦᠸᠠᠨ ᠰᠢᠶᠠᠨ ᠤᠯᠠᠨ ᠤᠳᠠᠭ᠎ᠠ ᠣᠶᠢᠵᠢᠭᠤᠯᠵᠤ ᠨᠣᠭᠤᠭᠠᠷᠠᠭᠤᠯᠬᠤ ᠳᠠᠶᠢᠴᠢᠯᠠᠯᠲᠠ ᠶᠢᠨ ᠬᠤᠷᠠᠯ ᠬᠤᠷᠠᠯᠳᠤᠭᠤᠯᠵᠤ᠂ ᠬᠢᠩᠭᠠᠨ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠠᠴᠠ ᠪᠠᠭᠤᠯᠭᠠᠭᠰᠠᠨ ᠨᠣᠭᠤᠭᠠᠷᠠᠭᠤᠯᠬᠤ ᠡᠭᠦᠷᠭᠡ ᠲᠠᠢ ᠤᠶᠠᠯᠳᠤᠭᠤᠯᠵᠤ᠂ ᠤᠯᠤᠰ ᠤᠨ ᠭᠤᠣᠯᠳᠠᠯᠭ᠎ᠠ ᠲᠠᠢ ᠢᠨᠵᠧᠨᠧᠷᠢᠩ ᠢ ᠨᠡᠶᠢᠳᠬᠡᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠢᠱᠢᠶ᠎ᠡ ᠦᠵᠡᠭᠦᠯᠬᠦ ᠠᠶᠢᠯ ᠲᠣᠰᠬᠤᠨ ᠤ ᠨᠣᠭᠤᠭᠠᠷᠠᠭᠤᠯᠤᠯᠲᠠ᠂ ᠵᠢᠮᠢᠰ ᠤᠨ ᠮᠣᠳᠣᠨ ᠤ ᠠᠵᠤ ᠠᠬᠤᠢ ᠶᠢᠨ ᠤᠢ᠂ ᠭᠤᠷᠪᠠᠨ ᠤᠮᠠᠷᠠᠲᠤ ᠶᠢᠨ ᠬᠠᠯᠬᠠᠪᠴᠢ ᠤᠢ᠂ ᠲᠠᠷᠢᠶᠠᠯᠠᠬᠤ ᠶᠢ ᠵᠣᠭᠰᠣᠭᠠᠵᠤ ᠤᠢ ᠰᠢᠭᠤᠢ ᠶᠢ ᠰᠡᠷᠭᠦᠭᠡᠬᠦ ᠵᠡᠷᠭᠡ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠭᠤᠣᠯᠳᠠᠯᠭ᠎ᠠ ᠲᠠᠢ ᠬᠡᠷᠡᠭᠵᠢᠭᠦᠯᠵᠡᠢ᠃ ᠡᠭᠦᠨ ᠤ ᠬᠠᠮᠲᠤ᠂ ᠡᠯ᠎ᠡ ᠰᠢᠶᠠᠩ ᠪᠠᠯᠭᠠᠰᠤ᠂ ᠣᠶ ᠰᠢᠭᠤᠢ ᠶᠢᠨ ᠲᠠᠯᠠᠪᠠᠶ ᠪᠠᠷ ᠭᠤᠣᠯᠳᠠᠯᠭ᠎ᠠ ᠪᠣᠯᠭᠠᠨ᠂ ᠬᠥᠮᠥᠨ ᠤ ᠬᠦᠴᠦ ᠪᠠᠷ ᠣᠶᠢᠵᠢᠭᠤᠯᠬᠤ᠂ ᠮᠠᠭᠤᠳᠠᠭᠰᠠᠨ ᠣᠶ ᠶᠢ ᠬᠡᠰᠡᠭᠯᠡᠨ ᠰᠡᠷᠭᠦᠭᠡᠬᠦ ᠲᠥᠷᠥᠯ ᠵᠦᠢᠯ᠂ ᠴᠢᠨᠠᠷ ᠮᠠᠭᠤᠲᠠᠢ ᠦᠷ᠎ᠡ ᠠᠰᠢᠭ ᠢᠶᠠᠷ ᠳᠣᠣᠷ᠎ᠠ ᠣᠶ ᠰᠢᠭᠤᠢ ᠶᠢ ᠥᠭᠡᠷᠡᠴᠢᠯᠡᠬᠦ᠂ ᠨᠣᠭᠤᠭᠠᠷᠠᠭᠤᠯᠵᠤ ᠭᠤᠶᠣᠵᠢᠭᠤᠯᠬᠤ ᠠᠶᠢᠯ ᠲᠣᠰᠬᠤᠨ ᠵᠡᠷᠭᠡ ᠭᠤᠣᠯᠳᠠᠯᠭ᠎ᠠ ᠲᠠᠢ ᠢᠨᠵᠧᠨᠧᠷᠢᠩ ᠢ ᠬᠡᠷᠡᠭᠵᠢᠭᠦᠯᠵᠦ᠂ ᠣᠶᠢᠵᠢᠭᠤᠯᠵᠤ ᠨᠣᠭᠤᠭᠠᠷᠠᠭᠤᠯᠬᠤ ᠠᠵᠢᠯ ᠢ ᠲᠦᠷᠭᠡᠳᠬᠡᠨ᠎ᠡ᠃      ᠣᠶᠢᠵᠢᠭᠤᠯᠵᠤ ᠨᠣᠭᠤᠭᠠᠷᠠᠭᠤᠯᠬᠤ ᠶᠠᠰᠤ ᠴᠢᠨᠠᠷ ᠢ ᠳᠡᠭᠡᠭᠰᠢᠯᠡᠭᠦᠯᠦᠨ᠎ᠡ᠃ᠪᠦᠲᠦᠭᠡᠨ ᠪᠠᠶᠢᠭᠤᠯᠤᠯᠲᠠ ᠶᠢᠨ ᠶᠠᠰᠤ ᠴᠢᠨᠠᠷ ᠢ ᠦᠨᠡᠨ ᠬᠦ ᠪᠠᠲᠤᠯᠠᠵᠤ᠂ ᠪᠦᠲᠦᠭᠡᠨ ᠪᠠᠶᠢᠭᠤᠯᠤᠯᠲᠠ ᠶᠢᠨ ᠦᠷ᠎ᠡ ᠪᠦᠲᠦᠮᠵᠢ ᠶᠢ ᠬᠠᠷᠠᠭᠤᠯᠬᠤ ᠶᠢᠨ ᠲᠥᠯᠥᠭᠡ᠂ ᠲᠦᠴᠢᠦᠸᠠᠨ ᠰᠢᠶᠠᠨ ᠤ ᠬᠢᠨ ᠴᠢᠬᠢ ᠪᠣᠶᠢᠵᠢᠭᠤᠯᠬᠤ ᠪᠦᠲᠦᠴᠡ ᠪᠠ ᠴᠢᠬᠢ ᠮᠣᠳᠣᠨ ᠤ ᠲᠦᠷᠦᠯ ᠵᠦᠢᠯ ᠳᠤ ᠵᠣᠬᠢᠬᠤ ᠬᠡᠮᠵᠢᠶ᠎ᠡ ᠪᠠᠷ ᠲᠣᠬᠢᠷᠠᠭᠤᠯᠤᠯᠲᠠ ᠬᠢᠪᠡ᠃ ᠭᠤᠣᠯᠳᠠᠭᠤ ᠣᠶ ᠮᠣᠳᠣᠨ ᠤ ᠰᠠᠶᠢᠨ ᠡᠭᠦᠯᠳᠡᠷ ᠤᠨ ᠵᠤᠯᠵᠠᠭ᠎ᠠ ᠮᠣᠳᠣ᠂ ᠨᠤᠲᠤᠭ ᠤᠨ ᠮᠣᠳᠣᠨ ᠤ ᠲᠥᠷᠥᠯ ᠪᠠ ᠴᠡᠴᠡᠷᠯᠢᠭ ᠤᠨ ᠨᠣᠭᠤᠭᠠᠷᠠᠭᠤᠯᠤᠯᠲᠠ ᠶᠢᠨ ᠵᠤᠯᠵᠠᠭ᠎ᠠ ᠮᠣᠳᠣ ᠪᠠᠷ ᠭᠤᠣᠯ ᠪᠣᠯᠭᠠᠵᠤ᠂ ᠵᠤᠯᠵᠠᠭ᠎ᠠ ᠮᠣᠳᠣᠨ ᠤ ᠡᠳᠡᠭᠡᠷᠡᠯᠲᠡ ᠶᠢᠨ ᠨᠣᠷᠮ᠎ᠠ ᠶᠢ ᠪᠦᠲᠦᠮᠵᠢᠲᠡᠶ ᠪᠠᠲᠤᠯᠠᠪᠠ᠃ ᠡᠭᠦᠨ ᠤ ᠬᠠᠮᠲᠤ᠂ ᠲᠦᠴᠢᠦᠸᠠᠨ ᠰᠢᠶᠠᠨ ᠤ ᠣᠶ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ ᠮᠡᠷᠭᠡᠵᠢᠯ ᠤᠨ ᠵᠢᠯᠣᠭᠤᠳᠤᠯᠭ᠎ᠠ ᠪᠠᠨ ᠴᠢᠩᠭᠠᠳᠬᠠᠵᠤ᠂ ᠴᠢᠳᠠᠪᠤᠷᠢ ᠪᠠᠷ ᠴᠢᠩᠭ᠎ᠠ᠂ ᠲᠤᠬᠠᠶᠢᠯᠠᠭᠰᠠᠨ ᠠᠵᠢᠯ ᠳᠠᠭᠠᠨ ᠴᠠᠭᠠᠷᠠᠭᠰᠠᠨ ᠣᠶ ᠰᠢᠭᠤᠢ ᠶᠢᠨ ᠮᠡᠷᠭᠡᠵᠢᠯ ᠤᠨ ᠠᠵᠢᠯᠲᠠᠨ ᠢ ᠰᠣᠩᠭᠤᠨ ᠲᠣᠮᠢᠯᠠᠵᠤ ᠦᠢᠯᠡᠳᠪᠦᠷᠢᠯᠡᠯ ᠤᠨ ᠨᠢᠭᠡᠳᠦᠭᠡᠷ ᠹᠷᠣᠨᠲ ᠲᠤ ᠭᠦᠨᠵᠡᠭᠡᠶᠢᠷᠡᠭᠦᠯᠦᠨ ᠮᠥᠷᠳᠡᠨ ᠵᠢᠯᠤᠭᠤᠳᠬᠤ ᠪᠠ ᠮᠡᠷᠭᠡᠵᠢᠯ ᠤᠨ ᠦᠢᠯᠡᠴᠢᠯᠡᠭᠡ ᠬᠢᠯᠭᠡᠵᠦ᠂ ᠵᠠᠶᠢᠯᠠᠬᠤ ᠳᠠᠭᠠᠨ ᠣᠶᠢᠵᠢᠭᠤᠯᠬᠤ ᠮᠡᠷᠭᠡᠵᠢᠯ ᠤᠨ ᠶᠣᠰᠣᠭᠠᠷ ᠠᠵᠢᠯᠯᠠᠨ᠎ᠠ᠂ ᠲᠤᠬᠠᠶᠢᠯᠠᠪᠠᠯ ︽ᠭᠤᠷᠪᠠ ᠶᠢ ᠪᠤᠯᠠᠬᠤ᠂ ᠬᠤᠶᠠᠷ ᠢ ᠤᠰᠤᠵᠢᠭᠤᠯᠬᠤ᠂ ᠬᠤᠶᠠᠷ ᠢ ᠭᠢᠰᠬᠢᠬᠦ᠂ ᠨᠢᠭᠡ ᠶᠢ ᠴᠢᠬᠢ ᠶᠢ ᠥᠰᠬᠡᠬᠦ︾ ᠠᠵᠢᠯᠯᠠᠭᠠᠨ ᠤ ᠳᠦᠷᠢᠮ ᠢᠶᠠᠷ ᠵᠤᠯᠵᠠᠭ᠎ᠠ ᠮᠣᠳᠣᠨ ᠤ ᠡᠷᠡᠭᠦᠯ ᠢᠶᠠᠷ ᠪᠣᠶᠢᠵᠢᠬᠤ ᠶᠢ ᠪᠠᠲᠤᠯᠠᠵᠤ᠂ ᠡᠳᠡᠭᠡᠷᠡᠯᠲᠡ ᠶᠢᠨ ᠨᠣᠷᠮ᠎ᠠ ᠶᠢ ᠳᠡᠭᠡᠭᠰᠢᠯᠡᠭᠦᠯᠦᠨ᠎ᠡ᠃ ᠤᠢ ᠰᠢᠭᠤᠢ ᠶᠢᠨ ᠰᠠᠯᠠᠭ᠎ᠠ ᠮᠥᠴᠢᠷ ᠤᠳ ᠲᠤᠰᠬᠠᠢ ᠮᠡᠷᠭᠡᠵᠢᠯ ᠤᠨ ᠠᠵᠢᠯᠲᠠᠨ ᠢ ᠤᠯᠠᠨ ᠤᠳᠠᠭ᠎ᠠ ᠵᠣᠬᠢᠶᠠᠨ ᠪᠠᠶᠢᠭᠤᠯᠤᠨ ᠪᠦᠲᠦᠭᠡᠨ ᠪᠠᠶᠢᠭᠤᠯᠤᠯᠲᠠ ᠶᠢᠨ ᠨᠢᠭᠡᠴᠢ ᠳᠤ ᠭᠦᠨᠵᠡᠭᠡᠶᠢᠷᠡᠭᠦᠯᠵᠦ᠂ ᠬᠠᠪᠤᠷ ᠤᠨ ᠤᠯᠠᠷᠢᠯ ᠤᠨ ᠣᠶᠢᠵᠢᠭᠤᠯᠤᠯᠲᠠ ᠶᠢ ᠰᠢᠪᠠᠳᠠᠬᠤ᠂ ᠮᠥᠷᠳᠡᠬᠦ᠂ ᠦᠢᠯᠡᠴᠢᠯᠡᠬᠦ ᠪᠠ ᠮᠡᠷᠭᠡᠵᠢᠯ ᠤᠨ ᠲᠠᠯ᠎ᠠ ᠪᠠᠷ ᠵᠢᠯᠣᠭᠤᠳᠪᠠ᠃
    ᠲᠦᠴᠢᠦᠸᠠᠨ ᠰᠢᠶᠠᠨ ᠤ ᠠᠮᠢ ᠠᠬᠤᠢ ᠶᠢᠨ ᠤᠢ ᠬᠠᠮᠠᠭᠠᠯᠠᠭᠴᠢ ᠰᠢᠨ᠎ᠡ ᠪᠠᠷ ᠳᠠᠷᠢᠭᠰᠠᠨ ᠨᠠᠷᠠᠰᠤᠨ ᠮᠣᠳᠣ ᠶᠢ ᠠᠷᠠᠴᠢᠯᠠᠨ ᠬᠠᠮᠠᠭᠠᠯᠠᠵᠤ ᠪᠤᠢ᠃︵ᠰᠡᠭᠦᠳᠡᠷᠯᠡᠪᠡ᠄ ᠵᠠᠩ ᠵᠢᠶᠠ︶      ᠮᠣᠳᠣ ᠲᠠᠷᠢᠵᠤ ᠣᠶᠢᠵᠢᠭᠤᠯᠬᠤ ᠳᠤ ᠭᠤᠷᠪᠠᠨ ᠬᠤᠪᠢ ᠪᠠᠷ ᠳᠠᠷᠢᠵᠤ᠂ ᠳᠤᠯᠤᠭᠠᠨ ᠬᠤᠪᠢ ᠪᠠᠷ ᠬᠠᠮᠢᠶᠠᠷᠬᠤ ᠶᠢᠨ ᠡᠳᠡᠭᠡᠷᠡᠯᠲᠡ ᠶᠢᠨ ᠨᠤᠷᠮ᠎ᠠ ᠪᠣᠯ ᠵᠠᠩᠭᠢᠯᠠᠭ᠎ᠠ ᠪᠣᠯᠣᠨ᠎ᠠ᠃ᠲᠦᠴᠢᠦᠸᠠᠨ ᠰᠢᠶᠠᠨ ᠤ ᠬᠢᠨ ᠪᠦᠬᠦ ᠰᠢᠶᠠᠨ ᠤ 1379 ᠠᠮᠢ ᠠᠬᠤᠢ ᠶᠢᠨ ᠤᠢ ᠰᠢᠭᠤᠢ ᠶᠢᠨ ᠬᠠᠮᠠᠭᠠᠯᠠᠭᠴᠢ᠂ 445 ᠨᠡᠶᠢᠲᠡ ᠶᠢᠨ ᠠᠰᠠᠷᠠᠮᠵᠢ ᠶᠢᠨ ᠤᠢ ᠰᠢᠭᠤᠢ ᠶᠢᠨ ᠬᠠᠮᠢᠶᠠᠷᠤᠭᠴᠢ ᠶᠢ ᠤᠢ ᠰᠢᠭᠤᠢ ᠶᠢᠨ ᠭᠤᠣᠯᠳᠠᠯᠭ᠎ᠠ ᠲᠠᠢ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠪᠣᠯᠣᠨ ᠬᠠᠮᠢᠶᠠᠷᠴᠤ ᠬᠠᠮᠠᠭᠠᠯᠠᠬᠤ ᠠᠵᠢᠯ ᠳᠤ ᠪᠦᠬᠦ ᠶᠠᠪᠤᠴᠠ ᠪᠠᠷ ᠣᠷᠣᠯᠴᠠᠭᠤᠯᠵᠤ᠂ ᠤᠢ ᠮᠣᠳᠣ ᠶᠢ ᠬᠠᠮᠢᠶᠠᠷᠴᠤ ᠬᠠᠮᠠᠭᠠᠯᠠᠬᠤ ᠶᠢ ᠴᠢᠩᠭᠠᠳᠬᠠᠵᠤ᠂ ᠣᠶᠢᠵᠢᠭᠤᠯᠵᠤ ᠨᠣᠭᠤᠭᠠᠷᠠᠭᠤᠯᠤᠭᠰᠠᠨ ᠦᠷ᠎ᠡ ᠪᠦᠲᠦᠭᠡᠯ ᠢ ᠪᠠᠬᠢᠵᠢᠭᠦᠯᠪᠡ᠃ 2021 ᠣᠨ ᠤ ᠬᠤᠷᠣᠬᠠᠢ ᠶᠢᠨ ᠭᠠᠮᠰᠢᠭ ᠬᠦᠨᠳᠦ ᠨᠣᠴᠢᠲᠠᠢ᠂ ᠠᠭᠠᠷ ᠤᠨ ᠳᠤᠯᠠᠭᠠᠨ ᠨᠡᠯᠢᠶᠡᠳ ᠥᠨᠳᠥᠷ ᠵᠡᠷᠭᠡ ᠠᠰᠢᠭ ᠦᠭᠡᠢ ᠬᠦᠴᠦᠨ ᠵᠦᠢᠯ ᠳᠤ ᠴᠢᠭᠯᠡᠭᠦᠯᠦᠨ᠂ ᠲᠦᠴᠢᠦᠸᠠᠨ ᠰᠢᠶᠠᠨ 2022 ᠣᠨ ᠤ ᠬᠠᠪᠤᠷ ᠤᠨ ᠤᠯᠠᠷᠢᠯ ᠤᠨ ᠡᠪᠡᠳᠴᠢᠨ ᠬᠤᠷᠣᠬᠠᠢ ᠶᠢᠨ ᠭᠠᠮᠰᠢᠭ ᠣᠯᠠᠨ ᠡᠭᠦᠰᠬᠦ ᠵᠠᠩᠭᠢᠯᠠᠭ᠎ᠠ ᠶᠢᠨ ᠬᠤᠭᠤᠴᠠᠭ᠎ᠠ ᠶᠢ ᠠᠳᠬᠤᠵᠤ᠂ ᠣᠶ ᠰᠢᠭᠤᠢ ᠶᠢᠨ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ ᠲᠤᠰᠬᠠᠢ ᠠᠵᠢᠯᠯᠠᠭ᠎ᠠ ᠶᠢ ᠢᠳᠡᠪᠬᠢᠲᠡᠢ ᠥᠷᠨᠢᠭᠦᠯᠪᠡ᠃      ᠣᠯᠠᠨ ᠭᠠᠷ ᠢᠶᠠᠷ ᠢᠶᠠᠨ ᠮᠢᠩᠭᠠᠨ ᠠᠭᠤᠯᠠ ᠶᠢ ᠨᠣᠭᠤᠭᠠᠷᠠᠭᠤᠯᠪᠠ᠃ ᠲᠦᠴᠢᠦᠸᠠᠨ ᠰᠢᠶᠠᠨ ᠤ ᠬᠢᠨ ᠨᠢᠭᠡ ᠰᠠᠭᠤᠷᠢ ᠮᠣᠳᠣ ᠲᠠᠷᠢᠬᠤ᠂ ᠨᠣᠭᠤᠭᠠᠨ ᠥᠩᠭᠡ ᠶᠢ ᠵᠠᠶᠢᠯᠠᠬᠤ᠂ ᠤᠢ ᠰᠢᠭᠤᠢ ᠶᠢ ᠴᠣᠭᠴᠠᠯᠠᠬᠤ ᠠᠵᠢᠯᠯᠠᠭ᠎ᠠ ᠪᠠᠷ ᠢᠶᠠᠨ ᠨᠣᠭᠤᠭᠠᠨ ᠥᠩᠭᠡ ᠶᠢ ᠡᠬᠡ ᠭᠠᠵᠠᠷ ᠲᠤ ᠲᠠᠷᠢᠵᠦ᠂ ᠪᠣᠬᠢᠷᠳᠤᠯ ᠦᠭᠡᠢ ᠬᠥᠭᠵᠢᠯᠲᠡ ᠶᠢᠨ ᠣᠶᠢᠯᠠᠭᠠᠭᠳᠠᠬᠤᠨ ᠢ ᠬᠥᠮᠥᠰ ᠤᠨ ᠰᠡᠳᠬᠢᠯ ᠳᠤ ᠬᠠᠳᠠᠩᠰᠢᠭᠤᠯᠵᠠᠢ᠃︵ᠵᠣᠬᠢᠶᠠᠭᠴᠢ ᠶᠢᠨ ᠨᠢᠭᠡᠴᠡ᠄ ᠬᠤᠷᠴᠠ ᠭᠤᠸ ᠮᠢᠨ ᠨᠠ᠄ ᠥᠪᠥᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ︔ᠵᠠᠩ ᠵᠢᠶᠠ᠄ ᠲᠦᠴᠢᠦᠸᠠᠨ ᠰᠢᠶᠠᠨ ᠤ ᠬᠠᠮ ᠵᠠᠭᠤᠴᠢᠯᠠᠭᠤᠷ ᠤᠨ ᠲᠥᠪ︶ᠬᠠᠷᠢᠭᠤᠴᠠᠯᠭ᠎ᠠ ᠶᠢᠨ ᠨᠠᠶᠢᠷᠠᠭᠤᠯᠤᠭᠴᠢ᠄ ᠭᠤᠤ ᠰᠢᠤᠸᠠᠢ ᠾᠧᠦ ᠶᠠᠩ ᠬᠤᠢ᠂ ᠪᠦᠦ ᠲᠦᠩ ᠯᠡ ‍ᠭ᠎ᠠ
 
ᠢᠷᠡᠯᠲᠡ᠄ ᠰᠣᠷᠣᠯᠴᠠᠯᠭ᠎ᠠ ᠶᠢᠨ ᠬᠦᠴᠦᠷᠬᠡᠭ ᠣᠯᠣᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号