ᠲᠦᠴᠢᠦᠸᠠᠨ ᠤ ᠴᠠᠰᠤᠨ ᠳᠤ ᠭᠤᠯᠭᠤᠬᠤ ᠲᠠᠯᠠᠪᠠᠶ 2022 ᠣᠨ ᠤ ᠡᠪᠦᠯ ᠤᠨ ᠤᠯᠠᠷᠢᠯ ᠤᠨ ᠮᠥᠰᠥ ᠴᠠᠰᠤᠨ ᠤ ᠦᠪᠡᠳᠡᠭᠰᠢ ᠨᠠᠶᠢᠷ ᠤᠨ ᠡᠬᠢᠯᠡᠯᠲᠡ ᠶᠢᠨ ᠶᠣᠰᠣᠯᠠᠯ ᠵᠢᠴᠢ《 ᠠᠮᠢᠵᠢᠷᠠᠯ ᠤᠨ ᠬᠦᠴᠦᠨ ᠪᠢᠯᠬᠠᠮ᠎ᠠ ᠲᠦᠴᠢᠦᠸᠠᠨ᠂ ᠡᠷᠡᠭᠦᠯ ᠮᠡᠨᠳᠦ ᠮᠥᠰᠥ ᠴᠠᠰᠤ 》 ᠶᠢ ᠪᠡᠶᠡᠴᠢᠯᠡᠨ ᠣᠶᠢᠯᠠᠭᠠᠬᠤ ᠠᠵᠢᠯᠯᠠᠭ᠎ᠠ  ᠶᠢ ᠡᠬᠢᠯᠡᠭᠦᠯᠪᠡ
ᠨᠡᠶᠢᠲᠡᠯᠡᠭᠰᠡᠨ ᠴᠠᠭ᠄
2022/12/20
 ᠲᠦᠴᠢᠦᠸᠠᠨ ᠰᠢᠶᠠᠨ ᠤ ᠮᠥᠰᠥ ᠴᠠᠰᠤᠨ ᠤ ᠵᠢᠭᠤᠯᠴᠢᠯᠠᠯ ᠤᠨ ᠡᠬᠢ ᠪᠠᠶᠠᠯᠢᠭ᠂ ᠤᠨᠴᠠᠯᠢᠬᠳᠤ ᠰᠣᠶᠣᠯ᠂ ᠰᠣᠶᠣᠯ ᠢᠷᠭᠡᠨᠰᠢᠯ ᠵᠠᠩ ᠦᠢᠯᠡ ᠶᠢ ᠭᠦᠢᠴᠡᠳ ᠳᠡᠯᠭᠡᠨ ᠦᠵᠡᠭᠦᠯᠵᠦ᠂ ᠲᠦᠴᠢᠦᠸᠠᠨ ᠤ ᠡᠪᠦᠯ ᠤᠨ ᠤᠯᠠᠷᠢᠯ ᠤᠨ ᠵᠢᠭᠤᠯᠴᠢᠯᠠᠯ ᠤᠨ ᠲᠦᠷᠦᠯ ᠵᠦᠢᠯ ᠤᠨ ᠠᠶᠢᠮᠠᠭ᠂ ᠠᠵᠢᠯ ᠲᠦᠷᠦᠯ ᠳᠠᠬᠢ ᠨᠥᠯᠥᠭᠡᠯᠡᠬᠦ ᠬᠦᠴᠦᠨ ᠪᠠ ᠲᠠᠲᠠᠬᠤ ᠬᠦᠴᠦᠨ ᠢ ᠳᠡᠭᠡᠭᠰᠢᠯᠡᠭᠦᠯᠵᠦ᠂《 ᠬᠦᠢᠳᠡᠨ ᠡᠬᠢ ᠪᠠᠶᠠᠯᠢᠭ 》 ᠢ《 ᠬᠠᠯᠠᠭᠤᠨ ᠠᠵᠤ ᠦᠢᠯᠡᠰ 》ᠪᠣᠯᠭᠠᠨ ᠬᠤᠪᠢᠷᠠᠭᠤᠯᠵᠤ᠂ ᠮᠥᠰᠥ ᠴᠠᠰᠤᠨ ᠤ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠬᠡᠪᠴᠢᠶ᠎ᠡ ᠶᠢ ᠥᠷᠭᠡᠳᠬᠡᠵᠦ᠂ ᠡᠪᠦᠯ ᠤᠨ ᠤᠯᠠᠷᠢᠯ ᠤᠨ ᠵᠢᠭᠤᠯᠴᠢᠯᠠᠯ ᠤᠨ ᠲᠦᠷᠦᠯ ᠲᠡᠮᠳᠡᠭ ᠢ ᠬᠦᠴᠦᠷᠬᠡᠭᠵᠢᠭᠦᠯᠵᠦ᠂ ᠪᠦᠬᠦ ᠤᠯᠠᠷᠢᠯ ᠤᠨ ᠵᠢᠭᠤᠯᠴᠢᠯᠠᠯ ᠤᠨ ᠠᠭᠤᠯᠭ᠎ᠠ ᠶᠢ ᠪᠠᠶᠠᠯᠢᠭᠵᠢᠭᠤᠯᠵᠤ᠂ ᠮᠠᠨ ᠤ ᠰᠢᠶᠠᠨ ᠤ ᠰᠣᠶᠣᠯ ᠵᠢᠭᠤᠯᠴᠢᠯᠠᠯ ᠤᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠳᠤ ᠬᠦᠴᠦᠨ ᠨᠡᠮᠡᠷᠢᠯᠡᠬᠦ ᠶᠢᠨ ᠲᠥᠯᠥᠭᠡ  ᠃     ᠲᠦᠴᠢᠦᠸᠠᠨ ᠰᠢᠶᠠᠨ ᠤ ᠬᠠᠯᠠᠭᠤᠨ ᠷᠠᠰᠢᠶᠠᠨ ᠤ ᠴᠠᠰᠤᠨ ᠳᠤ ᠭᠤᠯᠭᠤᠬᠤ ᠲᠠᠯᠠᠪᠠᠶ 2023 ᠣᠨ ᠤ 1 ᠰᠠᠷ᠎ᠠ ᠶᠢᠨ 1 ᠤ ᠡᠳᠦᠷ ( ᠰᠢᠨ᠎ᠡ ᠵᠢᠯ ) 2022 ᠣᠨ ᠤ ᠮᠥᠰᠥ ᠴᠠᠰᠤᠨ ᠤ ᠦᠪᠡᠳᠡᠭᠰᠢ ᠨᠠᠶᠢᠷ ᠤᠨ ᠡᠬᠢᠯᠡᠯᠲᠡ  ᠶᠢᠨ ᠶᠣᠰᠣᠯᠠᠯ ᠵᠢᠴᠢ《 ᠠᠮᠢᠵᠢᠷᠠᠯ ᠤᠨ ᠬᠦᠴᠦᠨ ᠪᠢᠯᠬᠠᠭᠰᠠᠨ ᠲᠦᠴᠢᠦᠸᠠᠨ ᠷᠠᠰᠢᠶᠠᠨ᠂ ᠡᠷᠡᠭᠦᠯ ᠮᠡᠨᠳᠦ ᠮᠥᠰᠥ ᠴᠠᠰᠤ 》 ᠶᠢ ᠪᠡᠶᠡᠴᠢᠯᠡᠨ ᠣᠶᠢᠯᠠᠭᠠᠬᠤ ᠠᠵᠢᠯᠯᠠᠭ᠎ᠠ ᠶᠠᠪᠤᠭᠳᠠᠪᠠ᠃ ᠲᠡᠷᠡ ᠦᠶ᠎ᠡ ᠳᠤ ᠴᠠᠰᠤᠨ ᠳᠡᠭᠡᠷᠡᠬᠢ ᠬᠥᠯ ᠪᠥᠮᠪᠦᠭᠡ ᠶᠢᠨ ᠤᠷᠤᠯᠳᠤᠭᠠᠨ᠂ ᠴᠠᠰᠤᠨ ᠳᠤ ᠭᠤᠯᠭᠤᠬᠤ ᠤᠷᠤᠯᠳᠤᠭᠠᠨ᠂ ᠴᠠᠰᠤᠨ ᠴᠠᠭᠠᠷᠢᠭ ᠤᠨ ᠬᠤᠷᠳᠤᠴᠠ ᠶᠢᠨ ᠤᠷᠤᠯᠳᠤᠭᠠᠨ᠂ ᠮᠥᠰᠥ ᠴᠠᠰᠤᠨ ᠤ ᠠᠪᠤᠷᠭᠤ ᠬᠥᠮᠦᠨ ᠤ ᠭᠤᠷᠪᠠᠨ ᠵᠦᠶᠯ ᠤᠨ ᠥᠷᠢᠰᠥᠯᠳᠦᠭᠡᠨ ᠤᠷᠤᠯᠳᠤᠭᠠᠨ᠂ ᠮᠥᠰᠥᠨ ᠳᠡᠭᠡᠷᠡᠬᠢ ᠯᠤᠤᠲᠤ ᠣᠩᠭᠤᠴᠠᠨ ᠤ ᠤᠷᠤᠯᠳᠤᠭᠠᠨ᠂ ᠮᠥᠰᠥᠨ ᠳᠤ ᠲᠡᠰᠢᠬᠦ ᠲᠡᠷᠭᠡᠨ ᠤ ᠤᠷᠤᠯᠳᠤᠭᠠᠨ ᠵᠢᠴᠢ ᠡᠪᠦᠯ ᠤᠨ ᠤᠯᠠᠷᠢᠯ ᠤᠨ ᠮᠥᠰᠥ ᠴᠠᠰᠤᠨ ᠤ ᠵᠤᠭ᠎ᠠ ᠴᠡᠩᠭᠡᠯ ᠤᠨ ᠲᠥᠷᠥᠯ ᠵᠦᠶᠯ ᠵᠢᠱᠢᠶᠡᠯᠡᠪᠡᠯ ᠮᠥᠰᠥᠨ ᠳᠡᠭᠡᠷᠡᠬᠢ ᠮᠥᠷᠭᠦᠯᠳᠦᠬᠦ ᠲᠡᠷᠭᠡ᠂ ᠮᠥᠰᠥᠨ ᠳᠡᠭᠡᠷᠡᠬᠢ ᠨᠡᠭᠦᠳᠡᠯ ᠤᠨ ᠲᠡᠷᠭᠡ᠂ ᠮᠥᠰᠥᠨ ᠳᠡᠭᠡᠷᠡᠬᠢ ᠳᠤᠭᠤᠶ ᠲᠡᠷᠭᠡ᠂ ᠴᠠᠰᠤᠨ ᠳᠤ ᠭᠤᠯᠭᠤᠬᠤ ᠱᠠᠲᠤ᠂ ᠶᠢᠦ ᠪᠥᠸᠧ ᠪᠥᠮᠪᠦᠭᠡ᠂ ᠮᠥᠷᠭᠦᠯᠳᠦᠬᠦ ᠪᠥᠮᠪᠦᠭᠡ᠂ ᠮᠥᠰᠥᠨ ᠭᠥᠬᠢ ᠵᠡᠷᠭᠡ ᠠᠷᠪᠠ ᠭᠠᠷᠤᠶ ᠵᠦᠶᠯ ᠤᠨ ᠮᠥᠰᠥ ᠴᠠᠰᠤᠨ ᠤ ᠵᠤᠭ᠎ᠠ ᠴᠡᠩᠭᠡᠯ ᠤᠨ ᠲᠥᠷᠥᠯ ᠵᠦᠶᠯ ᠢ ᠶᠠᠪᠤᠭᠳᠠᠭᠤᠯᠵᠤ᠂ ᠮᠥᠰᠥᠨ ᠳᠡᠭᠡᠷᠡᠬᠢ ᠵᠤᠭ᠎ᠠ ᠴᠡᠩᠭᠡᠯ ᠤᠨ ᠲᠥᠷᠥᠯ ᠵᠦᠶᠯ ᠢ ᠡᠬᠢᠯᠡᠯᠲᠡ ᠶᠢᠨ ᠶᠣᠰᠣᠯᠠᠯ ᠤᠨ ᠲᠤᠬᠠᠶ ᠶᠢᠨ ᠡᠳᠦᠷ ᠬᠠᠭᠠᠰ ᠦᠨ᠎ᠡ ᠪᠠᠷ ᠣᠶᠢᠯᠠᠭᠠᠪᠠᠯ ᠪᠣᠯᠴᠢᠬᠠᠨ᠎ᠠ᠃     ᠥᠷᠭᠡᠨ ᠣᠯᠠᠨ ᠮᠥᠰᠥ ᠴᠠᠰᠤᠨ ᠤ ᠳᠤᠷ᠎ᠠ ᠪᠠᠭ᠋ᠠᠲᠠᠶ ᠬᠥᠮᠦᠰ ᠬᠦᠷᠦᠯᠴᠡᠨ ᠢᠷᠡᠵᠦ ᠪᠡᠶᠡᠴᠢᠯᠡᠨ ᠣᠶᠢᠯᠠᠭᠠᠬᠤ  ᠶᠢ ᠪᠠᠶᠠᠷᠯᠠᠨ ᠤᠭᠲᠤᠵᠤ ᠪᠠᠶᠢᠨ᠎ᠠ︕
 
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号