ᠡᠮᠦᠨ᠎ᠡ ᠨᠠᠭᠤᠷ ᠬᠤᠸᠠᠷ ᠤᠨ ᠳᠠᠯᠠᠢ
ᠨᠡᠶᠢᠲᠡᠯᠡᠭᠰᠡᠨ ᠴᠠᠭ᠄
2021/9/26
  ᠬᠤᠸᠠᠷ ᠤᠨ ᠳᠠᠯᠠᠢ ᠥᠷᠲᠡᠭᠡ ᠨᠢ G 1111 ᠤᠯᠤᠰ ᠤᠨ ᠵᠠᠮ ᠤᠨ ᠲᠦᠴᠢᠦᠸᠠᠨ ᠪᠠᠯᠭᠠᠰᠤᠨ ᠤ ᠡᠮᠦᠨ᠎ᠡ ᠨᠠᠭᠤᠷ ᠴᠡᠴᠡᠷᠯᠢᠭ ᠤᠨ ᠵᠡᠭᠦᠨ ᠡᠷᠭᠢ ᠳᠤ ᠪᠠᠶᠢᠷᠢᠯᠠᠵᠤ᠂ ᠷᠠᠰᠢᠶᠠᠨ ᠬᠠᠶᠢᠯᠠᠷ ᠮᠠᠨᠵᠤᠤᠷ ᠤᠨ ᠵᠢᠭᠤᠯᠴᠢᠯᠠᠯ ᠤᠨ ᠱᠤᠭᠤᠮ ᠤᠨ ᠳᠣᠲᠣᠷ᠎ᠠ ᠪᠠᠶᠢᠷᠢᠯᠠᠵᠤ᠂ ᠡᠮᠦᠨᠡᠰᠢ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠲᠠᠢ ᠬᠠᠪᠢᠳᠠᠵᠤ᠂ ᠤᠮᠠᠷᠠᠰᠢ ᠤᠯᠠᠭᠠᠨᠬᠤᠲᠠ ᠲᠠᠢ ᠵᠠᠯᠭᠠᠯᠳᠤᠵᠤ᠂ ᠵᠡᠭᠦᠨᠰᠢ ᠪᠠᠶ ᠴᠧᠩ ᠬᠤᠲᠠ ᠶᠢ ᠰᠤᠨᠳᠠᠯᠠᠵᠤ᠂ ᠪᠠᠷᠠᠭᠤᠨᠰᠢ ᠬᠤᠤᠯᠢᠨ ᠭᠤᠤᠯ ᠢ ᠪᠡᠷᠡᠯᠡᠵᠦ᠂ ᠪᠡᠭᠡᠵᠢᠩ ᠲᠢᠶᠠᠨᠵᠢᠨ ᠾᠧᠪᠧᠶ ᠶᠢᠨ ᠵᠤᠭᠠᠴᠠᠭᠰᠠᠳ ᠥᠪᠡᠰᠦᠪᠡᠨ ᠲᠡᠷᠭᠡ ᠵᠢᠯᠣᠭᠤᠳᠴᠤ ᠷᠠᠰᠢᠶᠠᠨ ᠬᠠᠶᠢᠯᠠᠷ ᠮᠠᠨᠵᠤᠤᠷ ᠲᠤ ᠵᠢᠭᠤᠯᠴᠢᠯᠠᠬᠤ ᠴᠢᠬᠤᠯᠠ ᠵᠠᠩᠭᠢᠯᠠᠭ᠎ᠠ ᠶᠢᠨ ᠴᠡᠭ ᠪᠣᠯᠤᠨ᠎ᠠ᠃ ᠴᠡᠴᠡᠭ ᠤᠨ ᠲᠡᠯᠡᠶ ᠨᠢ 215 ᠮᠥ ᠭᠠᠵᠠᠷ ᠡᠵᠡᠯᠡᠵᠦ᠂ ᠴᠡᠴᠡᠭ ᠤᠨ ᠲᠡᠯᠡᠶ ᠶᠢᠨ ᠭᠤᠸᠠ ᠶᠢᠨ ᠲᠠᠷᠢᠶᠠᠨ ᠭᠠᠵᠠᠷ ᠤᠨ ᠦᠵᠡᠮᠵᠢ ᠶᠢᠨ ᠪᠦᠰᠡ᠂ ᠥᠷᠲᠡᠭᠡᠨ ᠤ ᠲᠥᠪ᠂ ᠲᠡᠷᠭᠡᠨ ᠵᠣᠭᠰᠣᠭᠠᠯ᠂ ᠦᠵᠡᠮᠵᠢ ᠶᠢᠨ ᠲᠠᠶᠢᠰᠠ᠂ ᠴᠡᠴᠡᠭ ᠤᠨ ᠲᠡᠯᠡᠶ ᠶᠢᠨ ᠬᠤᠩᠭᠢᠯ᠂ ᠬᠤᠯᠠᠨᠳ᠋ ᠤᠨ ᠰᠠᠯᠬᠢᠨ ᠲᠡᠷᠭᠡ ᠵᠡᠷᠭᠡ ᠢᠵᠢ ᠪᠥᠷᠢᠳᠦᠭᠰᠡᠨ ᠲᠥᠬᠦᠭᠡᠷᠦᠮᠵᠢ ᠶᠢ ᠪᠠᠶᠢᠭᠤᠯᠪᠠ᠃ ᠵᠤᠭᠠᠴᠠᠭᠰᠠᠳ ᠦᠵᠡᠮᠵᠢ ᠰᠣᠨᠢᠷᠬᠠᠬᠤ ᠶᠢᠨ ᠳᠠᠭᠠᠤ ᠲᠡᠭᠦᠵᠦ ᠪᠣᠯᠤᠨ᠎ᠠ᠃ ᠰᠢᠨ᠎ᠡ ᠪᠠᠷ ᠪᠠᠶᠢᠭᠤᠯᠤᠭᠰᠠᠨ 8 ᠺᠢᠯᠤᠮᠧᠲᠷ ᠤᠨ ᠳᠤᠭᠤᠢ ᠲᠡᠷᠭᠡᠨ ᠤ ᠵᠠᠮ ᠨᠢ ᠨᠢᠳᠤᠨᠤᠨ ᠤ ᠪᠠᠶᠢᠭᠤᠯᠤᠭᠰᠠᠨ 22l ᠺᠢᠯᠤᠮᠧᠲᠷ ᠤᠨ ᠵᠠᠮ ᠲᠠᠢ ᠵᠠᠯᠭᠠᠯᠳᠤᠵᠤ᠂ ᠬᠥᠮᠦᠰ ᠤᠨ ᠡᠷᠡᠭᠦᠯ ᠮᠡᠨᠳᠦ ᠪᠠᠷ ᠳᠤᠭᠤᠢ ᠲᠡᠷᠭᠡ ᠤᠨᠤᠬᠤ ᠳᠤ ᠠᠰᠢᠭᠲᠠᠢ ᠭᠠᠵᠠᠷ ᠪᠣᠯᠵᠠᠢ᠃  
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号