ᠵᠤᠤ ᠿᠢ ᠰᠢᠶᠠ᠄ ᠪᠣᠳᠠᠰ ᠤᠨ ᠪᠤᠰᠤ ᠰᠣᠶᠣᠯ ᠤᠨ ᠥᠪ ᠢᠶᠠᠨ ᠤᠯᠠᠮᠵᠢᠯᠠᠨ ᠵᠠᠯᠭᠠᠮᠵᠢᠯᠠᠭᠤᠯᠤᠨ᠎ᠠ
ᠨᠡᠶᠢᠲᠡᠯᠡᠭᠰᠡᠨ ᠴᠠᠭ᠄
2021/11/12
  ᠨᠢᠭᠡ ᠬᠠᠭᠤᠳᠠᠰᠤ ᠥᠩᠭᠡᠲᠦ ᠴᠠᠭᠠᠰᠤ᠂ ᠨᠢᠭᠡ ᠬᠠᠶᠢᠴᠢ᠂ ᠠᠮᠢᠳᠤᠯᠢᠭ ᠤᠷᠠᠨ ᠭᠠᠷ ᠳᠣᠣᠷ᠎ᠠ᠂ ᠬᠠᠶᠢᠴᠢᠨ ᠪᠥᠵᠢᠭ᠂ ᠴᠠᠭᠠᠰᠤ ᠡᠷᠭᠢᠯᠳᠦᠨ᠎ᠡ᠂ ᠴᠠᠭᠠᠰᠤᠨ ᠬᠠᠶᠢᠴᠢᠯᠠᠭᠴᠢ ᠶᠢᠨ ᠤᠷᠠᠨ ᠰᠡᠳᠬᠢᠮᠵᠢ ᠶᠢ ᠳᠠᠭᠠᠯᠳᠤᠨ᠂ ᠨᠢᠭᠡ ᠪᠦᠯᠦᠭ ᠠᠮᠢᠳᠤᠯᠢᠭ ᠴᠠᠭᠠᠰᠤᠨ ᠬᠠᠶᠢᠴᠢᠯᠠᠮᠠᠯ ᠤᠨ ᠪᠦᠲᠦᠭᠡᠯ᠂ ᠵᠢᠱᠢᠶᠡᠯᠡᠪᠡᠯ ᠵᠢᠷᠤᠭ ᠮᠡᠲᠦ᠂ ᠬᠡᠶᠢᠰᠪᠦᠷᠢ ᠤᠷᠠᠯᠢᠭ ᠪᠠ ᠳᠦᠷᠢ ᠶᠢᠨ ᠤᠷᠠᠯᠢᠭ ᠤᠨ ᠲᠡᠭᠦᠯᠳᠡᠷ ᠰᠠᠶᠢᠬᠠᠨ ᠨᠡᠶᠢᠯᠡᠯ ᠢ ᠢᠯᠡᠷᠡᠭᠦᠯᠦᠨ᠎ᠡ᠃ ᠶᠠᠭ ᠴᠠᠭᠠᠰᠤ ᠬᠠᠶᠢᠴᠢᠯᠠᠵᠤ ᠪᠠᠶᠢᠭ᠎ᠠ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠳᠠᠰ ᠤᠨ ᠪᠤᠰᠤ ᠰᠣᠶᠣᠯ ᠤᠨ ᠥᠪ ᠤᠨ ᠴᠠᠭᠠᠰᠤ ᠬᠠᠶᠢᠴᠢᠯᠠᠬᠤ ᠤᠷᠠᠯᠢᠭ ᠤᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ ᠵᠤᠤ ᠿᠢ ᠰᠢᠶᠠ ᠪᠣᠯᠤᠨ᠎ᠠ᠃
  ᠭᠠᠷᠠᠭ ᠪᠦᠷᠢ ᠶᠢᠨ ᠲᠠᠪᠤᠨ ᠤ ᠦᠳᠡ ᠶᠢᠨ ᠬᠤᠶᠢᠨ᠎ᠠ᠂ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠴᠠᠭᠠᠰᠤᠨ ᠬᠠᠶᠢᠴᠢᠯᠠᠮᠠᠯ ᠳᠤ ᠪᠠᠭ᠋ᠠᠲᠠᠶ ᠬᠡᠦᠬᠡᠳ ᠤᠳ ᠵᠣᠤ ᠿᠢ ᠰᠢᠶᠠ ᠪᠠᠭᠰᠢ ᠠᠴᠠ ᠴᠠᠭᠠᠰᠤᠨ ᠬᠠᠶᠢᠴᠢᠯᠠᠮᠠᠯ ᠤᠨ ᠮᠡᠷᠭᠡᠵᠢᠯ ᠰᠤᠷᠳᠠᠭ  ᠃ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠳᠥᠷᠪᠡᠨ ᠵᠢᠯ ᠳᠤ ᠨᠢᠭᠡ ᠠᠩᠭᠢ ᠶᠢᠨ ᠰᠤᠷᠤᠭᠴᠢ ᠴᠧᠨ ᠽᠢ ᠲᠦᠩ ᠴᠠᠭᠠᠰᠤᠨ ᠬᠠᠶᠢᠴᠢᠯᠠᠮᠠᠯ ᠤᠨ ᠳᠤᠷ᠎ᠠ ᠪᠠᠬ᠎ᠠ ᠲᠠᠢ ᠬᠢᠴᠢᠶᠡᠯ ᠨᠡᠭᠡᠭᠡᠬᠦ ᠠᠴᠠ ᠪᠠᠨ ᠡᠬᠢᠯᠡᠨ ᠰᠤᠷᠤᠯᠴᠠᠵᠤ᠂ ᠴᠠᠭᠠᠰᠤᠨ ᠬᠠᠶᠢᠴᠢᠯᠠᠮᠠᠯ ᠤᠨ ᠤᠷ᠎ᠠ ᠮᠡᠷᠭᠡᠵᠢᠯ ᠨᠢ ᠢᠯᠡᠳᠲᠡ ᠳᠡᠭᠡᠭᠰᠢᠯᠡᠵᠦ᠂ ᠤᠷᠠᠨ ᠪᠦᠲᠦᠭᠡᠯ ᠨᠢ ᠪᠠᠭᠰᠢ ᠪᠣᠯᠤᠨ ᠭᠡᠷ ᠤᠨ ᠠᠬᠠᠮᠠᠳ ᠤᠨ ᠢᠶᠠᠨ ᠮᠠᠭᠲᠠᠭᠠᠯ ᠰᠠᠶᠢᠰᠢᠶᠠᠯ ᠢ ᠣᠯᠳᠠᠭ ᠪᠠᠶᠢᠪᠠ᠂ ᠲᠡᠷᠡ᠄ ︽ᠪᠢ ᠪᠠᠭ᠎ᠠ ᠠᠴᠠ  ᠪᠠᠨ ᠴᠠᠭᠠᠰᠤᠨ ᠬᠠᠶᠢᠴᠢᠯᠠᠮᠠᠯ ᠳᠤ ᠳᠤᠷᠠᠲᠠᠶ᠂ ᠤᠤᠯ ᠨᠢ ᠪᠢ ᠭᠡᠷ ᠲᠡᠭᠡᠨ ᠴᠠᠭᠠᠨ ᠴᠠᠭᠠᠰᠤ ᠬᠡᠷᠡᠭᠯᠡᠵᠦ ᠪᠣᠯᠪᠠᠰᠤᠷᠠᠵᠤ ᠪᠠᠶᠢᠵᠠᠶ᠂ ᠰᠤᠷᠭᠠᠭᠤᠯᠢ ᠳᠤ ᠴᠠᠭᠠᠰᠤᠨ ᠬᠠᠶᠢᠴᠢᠯᠠᠮᠠᠯ ᠤᠨ ᠳᠤᠷ᠎ᠠ ᠪᠠᠬ᠎ᠠ ᠲᠠᠢ ᠬᠢᠴᠢᠶᠡᠯ ᠨᠡᠭᠡᠭᠡᠭᠰᠡᠨ  ᠤ ᠳᠠᠷᠠᠭ᠎ᠠ᠂ ᠪᠢ ᠳᠣᠣᠷ᠎ᠠ ᠨᠢ ᠨᠡᠷ᠎ᠡ ᠪᠠᠨ ᠮᠡᠳᠡᠭᠦᠯᠵᠡᠶ᠂ ᠪᠢ ᠴᠠᠭᠠᠰᠤᠨ ᠬᠠᠶᠢᠴᠢᠯᠠᠮᠠᠯ ᠢ ᠰᠠᠶᠢᠲᠤᠷ ᠰᠤᠷᠤᠯᠴᠠᠵᠤ᠂ ᠴᠠᠭᠠᠰᠤᠨ ᠬᠠᠶᠢᠴᠢᠯᠠᠮᠠᠯ ᠤᠨ ᠤᠷ᠎ᠠ ᠮᠡᠷᠭᠡᠵᠢᠯ ᠢ ᠤᠯᠠᠮᠵᠢᠯᠠᠨ ᠪᠠᠳᠠᠷᠠᠭᠤᠯᠬᠤ ᠰᠠᠨᠠᠭ᠎ᠠ ᠲᠠᠢ︾ ᠭᠡᠪᠡ᠃
  ᠬᠢᠴᠢᠶᠡᠯ ᠳᠡᠭᠡᠷ᠎ᠡ ᠵᠣᠣ ᠿᠢ ᠰᠢᠶᠠ ᠪᠠᠭᠰᠢ ᠬᠡᠦᠬᠡᠳ ᠤᠳ ᠤᠨ ᠴᠠᠭᠠᠰᠤ ᠶᠢ ᠬᠡᠷᠬᠢᠨ ᠬᠠᠶᠢᠴᠢᠯᠠᠬᠤ ᠶᠢ ᠵᠢᠭᠠᠨ ᠥᠭᠴᠦ ᠪᠠᠶᠢᠯ᠎ᠠ᠂ ᠲᠥᠬᠦᠮ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠤᠨ ᠬᠢᠲᠠᠳ ᠥᠰᠥᠭ ᠠᠴᠠ ᠬᠤᠸᠠᠷ ᠴᠡᠴᠡᠭ ᠡᠪᠡᠰᠦ ᠣᠶ ᠮᠣᠳᠣ ᠬᠦᠷᠲᠡᠯ᠎ᠡ᠂ ᠳᠠᠬᠢᠭᠠᠳ ᠨᠠᠷᠢᠯᠢᠭ ᠰᠠᠶᠢᠬᠠᠨ ᠵᠢᠷᠤᠭ ᠳᠦᠷᠰᠦ ᠬᠦᠷᠲᠡᠯ᠎ᠡ᠂ ᠰᠣᠷᠣᠭᠴᠢ ᠨᠢᠭᠡᠪᠦᠷᠢ ᠴᠥᠮ ᠲᠦᠴᠢᠦᠸᠠᠨ ᠤ ᠴᠠᠭᠠᠰᠤ ᠬᠠᠶᠢᠴᠢᠯᠠᠬᠤ ᠮᠡᠷᠭᠡᠵᠢᠯ ᠢ ᠨᠠᠩ ᠰᠠᠶᠢᠲᠤᠷ ᠪᠠᠳᠠᠷᠠᠭᠤᠯᠬᠤ ᠶᠢᠨ ᠲᠥᠯᠥᠭᠡ ᠨᠠᠷᠢᠨ ᠨᠢᠮᠪᠠᠶ ᠵᠢᠭᠠᠨ ᠰᠤᠷᠭᠠᠵᠤ ᠪᠠᠶᠢᠯ᠎ᠠ  ᠃
  ︽ᠪᠢ ᠴᠠᠭᠠᠰᠤᠨ ᠬᠠᠶᠢᠴᠢᠯᠠᠮᠠᠯ ᠤᠨ ᠬᠢᠴᠢᠶᠡᠯ ᠳᠤ ᠲᠤᠩ ᠳᠤᠷᠠᠲᠠᠢ᠂ ᠤᠴᠢᠷ ᠨᠢ ᠪᠢ ᠮᠠᠰᠢ ᠣᠯᠠᠨ ᠵᠢᠷᠤᠭ ᠳᠦᠷᠰᠦ ᠶᠢ ᠬᠠᠶᠢᠴᠢᠯᠠᠵᠤ ᠪᠣᠯᠤᠨ᠎ᠠ᠂ ᠵᠢᠱᠢᠶᠡᠯᠡᠪᠡᠯ ᠠᠮᠢᠲᠠᠨ ᠪᠠᠰᠠ ᠪᠤᠶᠠᠨ ᠲᠠᠢ ᠦᠰᠦᠭ᠂ ᠪᠦᠷ ᠲᠤᠩ ᠭᠤᠶᠤ᠂ ᠪᠢ ᠪᠠᠰᠠ ᠣᠯᠠᠨ ᠢᠶᠠᠷ ᠢᠶᠠᠨ ᠪᠦᠷ ᠴᠠᠭᠠᠰᠤᠨ ᠬᠠᠶᠢᠴᠢᠯᠠᠮᠠᠯ ᠳᠤ ᠳᠤᠷᠠᠲᠠᠢ ᠶᠢ ᠬᠦᠰᠡᠨ᠎ᠡ︾ ᠭᠡᠵᠦ ᠲᠤᠷᠰᠢᠯᠲᠠ  ᠶᠢᠨ ᠪᠠᠭ᠎ᠠ ᠰᠤᠷᠭᠠᠭᠤᠯᠢ ᠶᠢᠨ ᠳᠥᠷᠪᠡᠳᠦᠭᠡᠷ ᠣᠨ ᠤ ᠲᠠᠪᠤᠳᠤᠭᠠᠷ ᠠᠩᠭᠢ ᠶᠢᠨ ᠰᠤᠷᠤᠭᠴᠢ ᠸᠠᠩ ᠤᠣ ᠰᠢᠤᠸᠠᠨ ᠬᠡᠯᠡᠪᠡ  ᠃    ᠵᠤᠤ ᠿᠢ ᠰᠢᠶᠠ ᠴᠠᠭᠠᠰᠤᠨ ᠬᠠᠶᠢᠴᠢᠯᠠᠮᠠᠯ ᠳᠤ ᠪᠠᠭ᠋ᠠᠲᠠᠢ ᠪᠥᠭᠡᠳ ᠲᠡᠭᠦᠨ ᠢᠶᠠᠨ ᠠᠵᠢᠯ ᠦᠢᠯᠡᠰ ᠪᠣᠯᠭᠠᠨ ᠦᠵᠡᠳᠡᠭ᠂ ᠲᠡᠷᠡ ᠥᠪᠡᠷ ᠢᠶᠠᠨ ᠴᠠᠭᠠᠰᠤᠨ ᠬᠠᠶᠢᠴᠢᠯᠠᠮᠠᠯ ᠬᠠᠶᠢᠴᠢᠯᠠᠳᠠᠭ ᠢᠶᠠᠷ ᠪᠠᠷᠠᠬᠤ ᠦᠭᠡᠢ ᠪᠠᠰᠠ ᠦᠷᠭᠦᠯᠵᠢ ᠰᠦᠢᠳᠬᠡᠯ ᠬᠤᠷᠢᠶᠠᠬᠤ ᠦᠭᠡᠢ ᠪᠠᠷ ᠰᠤᠷᠤᠬᠴᠢ ᠪᠠᠨ ᠪᠣᠯᠪᠠᠰᠤᠷᠠᠭᠤᠯᠳᠠᠭ ᠪᠥᠭᠡᠳ ᠲᠦᠴᠢᠦᠸᠠᠨ ᠰᠢᠶᠠᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠳᠤ ᠴᠠᠭᠠᠰᠤᠨ ᠬᠠᠶᠢᠴᠢᠯᠠᠮᠠᠯ ᠤᠨ ᠵᠢᠭᠠᠨ ᠰᠤᠷᠭᠠᠯᠲᠠ ᠶᠢᠨ ᠵᠣᠴᠢᠨ ᠪᠠᠭᠰᠢ  ᠪᠠᠷ ᠤᠷᠢᠭᠳᠠᠳᠠᠭ᠃ ᠴᠠᠭᠠᠰᠤᠨ ᠬᠠᠶᠢᠴᠢᠯᠠᠪᠤᠷᠢ ᠳᠤ ᠪᠠᠭ᠋ᠠᠲᠠᠢ ᠰᠤᠷᠤᠭᠴᠢ ᠪᠣᠯᠤᠨ ᠬᠡᠦᠬᠡᠳ ᠲᠤ ᠲᠡᠷᠡ ᠶᠡᠷᠦ ᠨᠢ ᠪᠦᠬᠦᠨ ᠢ ᠵᠢᠭᠠᠵᠤ ᠦᠭᠳᠡᠭ  ᠃ ᠰᠠᠭᠤᠷᠢ ᠲᠠᠢ ᠪᠠ ᠰᠠᠭᠤᠷᠢ ᠦᠭᠡᠢ ᠶᠢ ᠨᠢ ᠲᠥᠷᠥᠯ ᠬᠤᠪᠢᠶᠠᠨ ᠬᠢᠴᠢᠶᠡᠯᠯᠡᠨ᠎ᠡ᠃ ᠲᠡᠳᠡᠨ ᠤ ᠰᠤᠷᠤᠯᠴᠠᠬᠤ ᠤᠷᠮ᠎ᠠ ᠪᠠᠬ᠎ᠠ ᠶᠢ ᠳᠡᠭᠡᠭᠰᠢᠯᠡᠭᠦᠯᠬᠦ ᠶᠢᠨ ᠲᠥᠯᠥᠭᠡ᠂ ᠵᠤᠤ ᠿᠢ ᠰᠢᠶᠠ ᠵᠢᠭᠠᠨ ᠰᠤᠷᠭᠠᠬᠤ ᠠᠯᠬᠤᠮ ᠲᠠᠷᠠᠭ᠎ᠠ ᠪᠠᠨ ᠲᠥᠰᠦᠪᠯᠡᠵᠦ᠂ ᠭᠦᠶᠦᠭᠡᠨ ᠠᠴᠠ ᠭᠦᠨᠵᠡᠭᠡᠢ᠂ ᠠᠯᠬᠤᠮ ᠲᠠᠷᠠᠭ᠎ᠠ ᠲᠠᠢ ᠪᠠᠷ ᠤᠷᠤᠭᠰᠢᠯᠠᠭᠰᠠᠨ ᠪᠠᠶᠢᠨ᠎ᠠ  ᠃   ︽ᠪᠢ ᠪᠣᠯ ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠴᠠᠭᠠᠰᠤᠨ ᠬᠠᠶᠢᠴᠢᠯᠠᠮᠠᠯ ᠤᠨ ᠤᠷ᠎ᠠ ᠮᠡᠷᠭᠡᠵᠢᠯ ᠤᠨ ᠵᠠᠯᠭᠠᠮᠵᠢᠯᠠᠭᠴᠢ ᠮᠥᠨ᠂ ᠪᠢ ᠡᠨᠡ ᠬᠦ ᠤᠷ᠎ᠠ ᠮᠡᠷᠭᠡᠵᠢᠯ ᠢ ᠤᠯᠠᠮᠵᠢᠯᠠᠨ ᠵᠠᠯᠭᠠᠮᠵᠢᠯᠠᠬᠤ ᠡᠭᠦᠷᠭᠡ ᠲᠠᠢ ᠪᠥᠭᠡᠳ ᠬᠠᠷᠢᠭᠤᠴᠠᠯᠭ᠎ᠠ ᠲᠠᠢ ᠶᠤᠮ᠂ ᠲᠦᠴᠢᠦᠸᠠᠨ ᠰᠢᠶᠠᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠤᠷᠢᠯᠭ᠎ᠠ ᠪᠠᠷ᠂ ᠪᠢ ᠴᠠᠭᠠᠰᠤᠨ ᠬᠠᠶᠢᠴᠢᠯᠠᠮᠠᠯ ᠳᠤ ᠪᠠᠭ᠋ᠠᠲᠠᠢ ᠰᠤᠷᠤᠭᠴᠢᠳ ᠲᠤ ᠴᠠᠭᠠᠰᠤᠨ ᠬᠠᠶᠢᠴᠢᠯᠠᠮᠠᠯ ᠤᠨ ᠤᠷ᠎ᠠ ᠮᠡᠷᠭᠡᠵᠢᠯ ᠤᠨ ᠪᠣᠯᠪᠠᠰᠤᠷᠠᠯ ᠬᠢᠵᠦ᠂ ᠲᠡᠳᠡᠨ ᠢ ᠬᠠᠷᠠᠬᠠᠨ ᠪᠠᠭ᠎ᠠ ᠠᠴᠠ ᠨᠢ ᠴᠠᠭᠠᠰᠤᠨ ᠬᠠᠶᠢᠴᠢᠯᠠᠮᠠᠯ ᠤᠨ ᠤᠷ᠎ᠠ ᠮᠡᠷᠭᠡᠵᠢᠯ ᠳᠤ ᠭᠦᠨ ᠰᠠᠭᠤᠭᠳᠠᠯ ᠲᠠᠢ ᠪᠣᠯᠭᠠᠪᠠ᠂ ᠢᠩᠭᠢᠪᠡᠯ ᠰᠠᠶ᠋ᠢ ᠡᠨᠡ ᠬᠦ ᠤᠷᠠᠯᠢᠭ ᠢ ᠤᠯᠠᠮᠵᠢᠯᠠᠨ ᠪᠠᠳᠠᠷᠠᠭᠤᠯᠬᠤ ᠳᠤ ᠠᠰᠢᠭᠲᠠᠢ ᠪᠠᠶᠢᠵᠤ᠂ ᠡᠨᠡ ᠬᠦ ᠤᠷᠠᠯᠢᠭ ᠢ ᠨᠡᠩ ᠰᠠᠶᠢᠨ ᠤᠯᠠᠮᠵᠢᠯᠠᠨ ᠵᠠᠯᠭᠠᠮᠵᠢᠯᠠᠵᠤ ᠴᠢᠳᠠᠨ᠎ᠠ︾ ᠭᠡᠵᠤ ᠡᠨᠡᠬᠦ ᠤᠷ᠎ᠠ ᠮᠡᠷᠭᠡᠵᠢᠯ ᠢ ᠬᠡᠷᠬᠢᠨ ᠨᠡᠩ ᠰᠠᠶᠢᠲᠤᠷ ᠤᠯᠠᠮᠵᠢᠯᠠᠨ ᠪᠠᠳᠠᠷᠠᠭᠤᠯᠬᠤ ᠲᠤᠬᠠᠢ ᠵᠤᠤ ᠿᠢ ᠰᠢᠶᠠ ᠢᠩᠭᠢᠵᠤ ᠶᠠᠷᠢᠭᠰᠠᠨ ᠪᠠᠶᠢᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号