ᠠᠶᠢᠮᠠᠭ ᠤᠨ ᠨᠠᠮ ᠤᠨ ᠬᠤᠷᠢᠶᠠᠨ ᠤ (ᠦᠷᠭᠡᠳᠭᠡᠭᠰᠡᠨ ) ᠬᠤᠷᠠᠯ ᠵᠢᠴᠢ ᠪᠦᠬᠦ ᠠᠶᠢᠮᠠᠭ ᠤᠨ ᠠᠵᠦ ᠠᠬᠤᠢ ᠶᠢᠨ ᠠᠵᠢᠯ ᠤᠨ ᠬᠤᠷᠠᠯ ᠳᠡᠭᠡᠷᠡᠬᠢ ᠶᠠᠷᠢᠶ᠎ᠠ
ᠨᠡᠶᠢᠲᠡᠯᠡᠭᠰᠡᠨ ᠴᠠᠭ᠄
2019-01-23
︵2019 ᠤᠨ ᠤ 1 ᠰᠠᠷ᠎ᠠ ᠶᠢᠨ 17 ᠤ ᠡᠳᠦᠷ ︶ ᠴᠢ᠊ ᠪᠠᠲᠦ
   
ᠨᠦᠬᠦᠳ ᠡ᠄     ᠰᠠᠶ᠋ᠢᠬᠠᠨ᠂ ᠵᠠᠩ ᠱᠦᠵᠢ ᠴᠢᠬᠤᠯᠠ ᠶᠠᠷᠢᠶ᠎ᠠ ᠲᠠᠯᠪᠢᠨ᠂ ᠦᠩᠭᠡᠷᠡᠭᠰᠡᠨ ᠨᠢᠭᠡ ᠵᠢᠯ ᠤᠨ ᠪᠦᠬᠦ ᠠᠶᠢᠮᠠᠭ ᠤᠨ ᠠᠵᠦ ᠠᠬᠤᠢ ᠨᠡᠶᠢᠭᠡᠮ ᠤᠨ ᠬᠦᠭᠵᠢᠯᠲᠡ ᠶᠢᠨ ᠲᠠᠯ᠎ᠠ ᠪᠠᠷ ᠤᠯᠤᠭᠰᠠᠨ ᠠᠮᠵᠢᠯᠲᠠ ᠶᠢ ᠪᠦᠬᠦ ᠲᠠᠯ᠎ᠠ ᠪᠠᠷ ᠳ᠋ᠦᠩᠨᠡᠵᠦ᠂ ᠤᠳᠤᠬᠢ ᠠᠵᠦ ᠠᠬᠤᠢ ᠶᠢᠨ ᠪᠠᠶᠢᠳᠠᠯ ᠳᠤ ᠭᠦᠨᠵᠡᠭᠡᠢ ᠵᠠᠳᠠᠯᠤᠯᠲᠠ ᠬᠢᠬᠦ ᠶᠢᠨ ᠬᠠᠮᠳᠤ ᠡᠨᠡ ᠵᠢᠯ ᠤᠨ ᠪᠦᠬᠦ ᠠᠶᠢᠮᠠᠭ ᠤᠨ ᠭᠤᠤᠯᠳᠠᠯᠭ᠎ᠠ ᠲᠠᠢ ᠠᠵᠢᠯ ᠢ ᠬᠡᠷᠬᠢᠨ ᠰᠠᠶᠢᠲᠤᠷ ᠬᠢᠬᠦ ᠲᠤᠬᠠᠢ ᠲᠤᠬᠢᠷᠠᠭᠤᠯᠤᠨ ᠪᠠᠶᠢᠷᠢᠯᠠᠭᠤᠯᠪᠠ᠃ ᠪᠢᠳᠡᠨᠠᠷ ᠡᠷᠬᠡᠪᠰᠢ ᠭᠦᠨᠵᠡᠭᠡᠢ ᠰᠤᠷᠤᠯᠴᠠᠨ ᠤᠶᠢᠯᠠᠭᠠᠵᠦ᠂ ᠨᠠᠶᠢᠳᠠᠪᠦᠷᠢᠵᠢᠭᠤᠯᠤᠯᠲᠠ ᠶᠢ ᠨᠠᠷᠢᠨ ᠬᠢᠨᠠᠮᠠᠭᠠᠢ ᠰᠠᠶᠢᠲᠤᠷ ᠠᠳᠬᠤᠬᠤ ᠭᠡᠷᠡᠭᠳᠡᠢ᠃ ᠳᠤᠤᠷ᠎ᠠ ᠪᠢ ᠬᠤᠶᠠᠷ ᠲᠠᠯ᠎ᠠ ᠶᠢᠨ ᠰᠠᠨᠠᠯ ᠳᠤᠷᠠᠳᠤᠶ᠎ᠠ᠃ ᠨᠢᠭᠡ᠂ ᠦᠩᠭᠡᠷᠡᠭᠰᠡᠨ ᠨᠢᠭᠡ ᠵᠢᠯ ᠤᠨ ᠭᠤᠤᠯ ᠠᠵᠢᠯ     2018 ᠤᠨ ᠳᠤ᠂ ᠪᠦᠬᠦ ᠠᠶᠢᠮᠠᠭ ᠲᠠᠶᠠᠭᠠᠷ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠦ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠤᠯᠤᠨ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠦ᠂ ᠲᠦᠪ ᠪᠠ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠰᠢᠢᠳᠪᠦᠷᠢ ᠪᠠᠶᠢᠷᠢᠯᠠᠭᠤᠯᠤᠯᠲᠠ ᠶᠢ ᠪᠦᠬᠦ ᠲᠠᠯ᠎ᠠ ᠪᠠᠷ ᠲᠤᠤᠱᠯᠠᠭᠤᠯᠵᠦ᠂ ᠰᠢ ᠶᠢᠨ ᠫᠢᠩ ᠶᠡᠷᠦᠩᠬᠡᠢ ᠱᠦᠵᠢ ᠶᠢᠨ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶᠡᠰ ᠳᠤᠷᠠᠳᠤᠭᠰᠠᠨ ︽ᠭᠤᠷᠪᠠᠨ ᠯᠠᠪᠳᠠᠭᠤᠨ ᠪᠠᠲᠦᠲᠠᠢ ︾ ᠱᠠᠭᠠᠷᠳᠠᠯᠭ᠎ᠠ ᠶᠢᠨ ᠲᠤᠭᠤᠷᠢᠨ ᠳᠤ᠂ ︽ᠭᠤᠷᠪᠠᠨ ᠶᠡᠭᠡ ᠪᠤᠭᠤᠮᠲᠠ ᠰᠢᠪᠲᠤᠯᠬᠤ ᠳᠠᠶᠢᠯᠠᠯᠳᠤᠭᠠᠨ ︾ ᠢ ᠡᠷᠡᠰ ᠪᠠᠲᠦ ᠶᠠᠪᠤᠭᠳᠠᠭᠤᠯᠤᠨ᠂ ︽ᠭᠤᠷᠪᠠᠨ ᠶᠡᠭᠡ ᠬᠦᠴᠢᠷᠳᠡᠯ ︾ ᠢ ᠬᠦᠴᠦᠯᠡᠨ ᠰᠢᠢᠳᠪᠦᠷᠢᠯᠡᠵᠦ᠂ ︽ᠲᠠᠪᠤᠨ ᠬᠤᠲᠠ ᠶᠢ ᠬᠠᠮᠲᠦᠪᠡᠷ ᠪᠠᠷ ᠡᠭᠦᠳᠦᠨ ᠪᠠᠶᠢᠭᠤᠯᠬᠤ ︾ ᠶᠢ ᠦᠷᠭᠦᠯᠵᠢᠯᠡᠨ ᠬᠦᠨᠵᠡᠭᠡᠶᠢᠷᠡᠭᠦᠯᠵᠦ᠂ ︽ᠲᠠᠪᠤᠨ ᠲᠠᠩᠰᠤᠭ ᠬᠢᠩᠭᠠᠨ ︾ ᠢ ᠰᠡᠳᠭᠢᠯ ᠨᠢᠭᠡᠲᠦᠨ ᠪᠦᠲᠦᠭᠡᠨ ᠪᠠᠶᠢᠭᠤᠯᠵᠦ᠂ ᠡᠯ᠎ᠡ ᠲᠦᠷᠦᠯ ᠤᠨ ᠠᠵᠢᠯ ᠰᠢᠨ᠎ᠡ ᠠᠬᠢᠴᠠ ᠰᠢᠨ᠎ᠡ ᠦᠷ᠎ᠡ ᠪᠦᠲᠦᠮᠵᠢ ᠤᠯᠵᠠᠢ᠃ ᠵᠢᠱᠢᠯᠳᠡ ᠪᠠᠷ ᠪᠦᠬᠦ ᠠᠶᠢᠮᠠᠭ ᠤᠨ ᠤᠷᠤᠨ ᠨᠤᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠪᠠᠷᠤᠭ 5% ᠤᠷᠴᠢᠮ ᠨᠡᠮᠡᠭᠳᠡᠪᠡ᠃ ᠤᠯᠠᠨ ᠨᠡᠶᠢᠲᠡ ᠶᠢᠨ ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠨᠢ 36 ᠳ᠋ᠦᠩᠰᠢᠭᠤᠷ ᠲᠦᠭᠦᠷᠢᠭ᠂ 24 % ᠪᠠᠷ ᠨᠡᠮᠡᠭᠳᠡᠪᠡ ︔ ᠤᠯᠠᠨ ᠨᠡᠶᠢᠲᠡ ᠶᠢᠨ ᠡᠳ᠋ ᠤᠨ ᠵᠠᠰᠠᠭ ᠤᠨ ᠲᠦᠰᠦᠪ ᠤᠨ ᠵᠠᠷᠤᠯᠭ᠎ᠠ ᠨᠢ 265 ᠳ᠋ᠦᠩᠰᠢᠭᠤᠷ ᠲᠦᠭᠦᠷᠢᠭ᠂ 17.6% ᠪᠠᠷ ᠨᠡᠮᠡᠭᠳᠡᠪᠡ᠃ ᠨᠡᠶᠢᠭᠡᠮ ᠤᠨ ᠬᠡᠷᠡᠭᠯᠡᠭᠡᠨ ᠤ ᠵᠦᠢᠯ ᠢ ᠵᠢᠵᠢᠭᠯᠡᠨ ᠪᠤᠷᠤᠯᠠᠭᠤᠯᠤᠭᠰᠠᠨ ᠶᠡᠷᠦᠩᠬᠡᠢ ᠭᠡᠮᠵᠢᠶ᠎ᠠ ᠨᠢ 263 ᠳ᠋ᠦᠩᠰᠢᠭᠤᠷ ᠲᠦᠭᠦᠷᠢᠭ ᠬᠦᠷᠴᠦ᠂ 6.5% ᠤᠷᠴᠢᠮ ᠨᠡᠮᠡᠭᠳᠡᠪᠡ᠃ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠤᠷᠤᠯᠭ᠎ᠠ 28265 ᠲᠦᠭᠦᠷᠢᠭ ᠪᠠ 10379 ᠲᠦᠭᠦᠷᠢᠭ ᠲᠤ ᠲᠤᠯᠵᠦ᠂ ᠲᠤᠰ ᠲᠤᠰ 7.2% ᠪᠠ 12.3 % ᠪᠠᠷ ᠨᠡᠮᠡᠭᠳᠡᠪᠡ᠃     — ᠰᠢᠨ᠎ᠡ ᠬᠠᠭᠤᠴᠢᠨ ᠬᠦᠳᠡᠯᠭᠡᠭᠦ ᠬᠦᠴᠦᠨ ᠤ ᠰᠤᠯᠪᠢᠴᠠᠯ ᠳᠡᠭᠡᠷ᠎ᠡ ᠬᠦᠴᠦᠨ ᠢᠶᠠᠨ ᠲᠦᠪᠯᠡᠷᠡᠭᠦᠯᠵᠦ᠂ ᠠᠵᠦ ᠠᠬᠤᠢ ᠶᠢᠨ ᠴᠢᠨᠠᠷ ᠰᠠᠶᠢᠲᠠᠢ ᠬᠦᠭᠵᠢᠯᠲᠡ ᠶᠢ ᠯᠠᠪᠳᠠᠭᠤᠨ ᠪᠠᠲᠦᠲᠠᠢ ᠲᠦᠯᠬᠢᠨ ᠠᠬᠢᠭᠤᠯᠪᠠ᠃ ᠨᠢᠭᠡ ᠳᠤ᠂ ᠰᠢᠨ᠎ᠡ ᠬᠡᠯᠪᠡᠷᠢ ᠶᠢᠨ ᠠᠵᠦ ᠦᠢᠯᠡᠳᠪᠦᠷᠢᠵᠢᠯᠲᠡ ᠶᠢᠨ ᠠᠬᠢᠴᠠ ᠲᠠᠰᠤᠷᠠᠯᠳᠠ ᠦᠭᠡᠢ ᠲᠦᠷᠭᠡᠰᠪᠡ᠃ ᠢᠳᠡᠭᠡᠨ ᠤ ᠠᠵᠦ ᠦᠢᠯᠡᠳᠪᠦᠷᠢ᠂ ᠰᠢᠬᠢᠷ ‍ᠦ᠋ᠯᠡᠳᠪᠥᠷᠢᠯᠡᠬᠦ᠂ ᠰᠢᠨ᠎ᠡ ᠬᠡᠯᠪᠡᠷᠢ ᠶᠢᠨ ᠬᠢᠮᠢ ᠶᠢᠨ ᠠᠵᠦ ᠦᠢᠯᠡᠳᠪᠦᠷᠢ ᠵᠡᠷᠭᠡ ︽ᠵᠠᠭᠤᠨ ᠳ᠋ᠦᠩᠰᠢᠭᠤᠷ ᠲᠦᠭᠦᠷᠢᠭ ᠤᠨ ᠲᠤᠯᠤᠭᠠᠨ ᠠᠵᠦ ᠦᠢᠯᠡᠰ ︾ ᠲᠤᠭᠳᠠᠭᠤᠨ ᠢᠶᠠᠷ ᠰᠠᠶᠢᠵᠢᠷᠠᠵᠦ᠂ ᠪᠦᠬᠦ ᠠᠶᠢᠮᠠᠭ ᠤᠨ ᠠᠵᠦ ᠦᠢᠯᠡᠳᠪᠦᠷᠢ ᠶᠢᠨ ᠦᠢᠯᠡᠳᠭᠦᠨ ᠤ ᠶᠡᠷᠦᠩᠬᠡᠢ ᠦᠷᠳᠡᠭ ᠢ ᠳᠡᠭᠡᠭᠰᠢ ᠲᠠᠲᠠᠨ 14.7 ᠵᠠᠭᠤᠨ ᠤ ᠨᠢᠭᠡᠴᠢ ᠪᠠᠷ ᠨᠡᠮᠡᠭᠳᠡᠭᠦᠯᠪᠡ᠃ ᠤᠯᠠᠭᠠᠨᠬᠤᠲᠡ ᠪᠤᠯᠤᠳ ᠲᠡᠮᠦᠷ ᠤᠨ ᠦᠢᠯᠡᠳᠪᠦᠷᠢ ᠶᠢᠨ ᠦᠢᠯᠡᠳᠭᠦᠨ ᠤ ᠦᠷᠳᠡᠭ ᠤᠨ ᠠᠰᠢᠭ ᠭᠠᠶᠢᠯᠢ ᠨᠢ ᠲᠡᠤᠬᠡᠨ ᠰᠢᠨ᠎ᠡ ᠲᠡᠮᠳᠡᠭᠯᠡᠯ ᠢ ᠡᠭᠦᠳᠴᠤ᠂ ᠲᠠᠮᠠᠬᠢᠨ ᠦᠢᠯᠡᠳᠪᠦᠷᠢ ᠶᠢᠨ 29 ᠲᠦᠷᠦᠯ ᠰᠢᠯᠭᠠᠨ ᠪᠠᠶᠢᠴᠠᠭᠠᠬᠤ ᠵᠢᠭᠠᠯᠳᠠ ᠲᠤᠭ᠎ᠠ ᠶᠢᠨ 9 ᠲᠦᠷᠦᠯ ᠨᠢ ᠪᠦᠬᠦ ᠤᠯᠤᠰ ᠤᠨ ᠠᠷᠪᠠᠨ ᠬᠦᠴᠦᠷᠬᠡᠭ ᠲᠤ ᠤᠷᠤᠪᠠ᠃ ᠪᠥᠸᠧ ᠶᠤᠸᠠᠨ 3052 ᠬᠢᠮᠢ ᠶᠢᠨ ᠪᠤᠷᠳᠤᠭᠤᠷ ᠤᠨ ᠲᠦᠷᠦᠯ ᠵᠦᠢᠯ ᠵᠢᠩᠬᠢᠨᠢ ᠪᠠᠷ ᠠᠰᠢᠭᠯᠠᠯᠲᠠ ᠳᠤ ᠤᠷᠤᠪᠠ᠃ ᠮᠧᠩ ᠨᠢᠦ ᠰᠦᠨ ᠦᠢᠯᠡᠰ ᠤᠨ ᠲᠡᠷᠢᠭᠦᠨ ᠵᠡᠷᠭᠡ ᠶᠢᠨ ᠦᠢᠯᠡᠳᠪᠦᠷᠢᠯᠡᠯ ᠤᠨ ᠱᠤᠭᠤᠮ ᠵᠡᠷᠭᠡ ᠲᠦᠷᠦᠯ ᠵᠦᠢᠯ ᠢ ᠡᠬᠢᠯᠡᠭᠦᠯᠦᠨ ᠪᠠᠶᠢᠭᠤᠯᠪᠠ᠃ ᠠᠶᠢᠮᠠᠭ ᠤᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠤᠭᠤᠷᠢᠭ ᠤᠨ ᠲᠡᠮᠦᠷ ᠵᠠᠮ᠂ ᠤᠰᠤ ᠬᠠᠩᠭᠠᠬᠤ ᠵᠡᠷᠭᠡ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠴᠢᠩᠭ᠎ᠠ ᠠᠳᠬᠤᠵᠦ᠂ ᠬᠠᠮᠢᠶᠠᠷᠤᠯᠲᠠ ᠶᠢᠨ ᠪᠠᠶᠢᠭᠤᠯᠤᠮᠵᠢ ᠶᠢ ᠤᠯᠠᠮ ᠨᠢᠭᠡ ᠠᠯᠬᠤᠮ ᠰᠢᠯᠤᠭᠤᠳᠬᠠᠵᠦ᠂ ᠬᠦᠷᠢᠶᠡᠯᠡᠩ ᠲᠤᠭᠤᠷᠢᠭ ᠤᠨ ᠲᠤᠮᠤ ᠲᠦᠷᠦᠯ ᠵᠦᠢᠯ ᠢ ᠲᠠᠭᠠᠭᠠᠴᠢᠯᠠᠨ ᠠᠪᠬᠤ ᠦᠨᠳᠦᠰᠦᠨ ᠨᠦᠬᠦᠴᠡᠯ ᠢ ᠤᠯᠠᠮ ᠢᠶᠠᠷ ᠭᠦᠢᠴᠡᠳ ᠪᠤᠯᠭᠠᠵᠠᠢ᠃ ᠠᠵᠦ ᠦᠢᠯᠡᠳᠪᠦᠷᠢ ᠶᠢᠨ ᠠᠵᠦ ᠠᠬᠤᠢ ᠶᠢ ᠲᠦᠯᠬᠢᠨ ᠠᠬᠢᠭᠤᠯᠬᠤ ᠲᠤᠭᠲᠠᠴᠠ ᠶᠢ ᠲᠡᠭᠦᠯᠳᠡᠷᠵᠢᠭᠦᠯᠦᠨ ᠪᠦᠷᠢᠨᠰᠢᠭᠦᠯᠵᠦ᠂ ᠠᠶᠢᠮᠠᠭ ᠤᠨ ᠳᠡᠰ ᠤᠨ 27 ᠤᠳᠤᠷᠢᠳᠤᠯᠭ᠎ᠠ ᠲᠦᠷᠦᠭᠦᠯᠡᠨ 34 ᠭᠤᠤᠯᠳᠠᠯᠭᠠᠲᠦ ᠠᠵᠦ ᠦᠢᠯᠡᠳᠪᠦᠷᠢ ᠶᠢᠨ ᠠᠵᠦ ᠠᠬᠤᠶᠢᠯᠠᠯ ᠢ ᠬᠠᠪᠰᠤᠷᠤᠨ ᠳᠡᠳᠭᠦᠵᠦ᠂ ᠳᠠᠭᠠᠭᠠᠴᠢᠯᠠᠨ ᠬᠠᠷᠢᠯᠴᠠᠭᠰᠠᠨ ᠠᠵᠦ ᠠᠬᠤᠢᠢᠯᠠᠯ ᠤᠨ ᠠᠵᠦ ᠦᠢᠯᠡᠳᠪᠦᠷᠢ ᠶᠢᠨ ᠦᠢᠯᠡᠳᠭᠦᠨ ᠤ ᠶᠡᠷᠦᠩᠬᠡᠢ ᠦᠷᠳᠡᠭ ᠠᠳᠠᠯᠢ ᠬᠤᠭᠤᠴᠠᠭᠠᠨ ᠤ ᠬᠢ ᠠᠴᠠ 22% ᠢᠶᠠᠷ ᠨᠡᠮᠡᠭᠳᠡᠪᠡ᠃ ᠬᠤᠶᠠᠷ ᠲᠤ᠂ ᠤᠳᠤ ᠦᠶ᠎ᠡ ᠶᠢᠨ ᠦᠢᠯᠡᠴᠢᠯᠡᠭᠡᠨ ᠤ ᠦᠢᠯᠡᠰ ᠦᠷᠨᠢᠭᠦᠨ ᠬᠦᠭᠵᠢᠪᠡ᠃ ᠪᠦᠬᠦ ᠤᠷᠤᠨ ᠪᠦᠰᠡ ᠶᠢᠨ ᠵᠤᠭᠠᠴᠠᠯ ᠪᠠ ︽+ ᠵᠤᠭᠠᠴᠠᠯ ︾ ᠤᠨ ᠪᠠᠶᠢᠯᠳᠤᠬᠤ ᠪᠤᠳᠤᠯᠭ᠎ᠠ ᠶᠢ ᠶᠡᠬᠡᠪᠡᠷ ᠬᠡᠷᠡᠭᠵᠢᠭᠦᠯᠵᠦ᠂ ᠷᠠᠰᠢᠶᠠᠨ ᠬᠤᠲᠠ ᠶᠢᠨ ᠣᠥ ᠯᠦᠨ ᠪᠥ᠋ ᠺᠠᠨ ᠦᠵᠡᠮᠵᠢ ᠶᠢᠨ ᠤᠷᠤᠨ᠂ ᠤᠯᠠᠭᠠᠨᠬᠤᠲᠡ ᠶᠢᠨ ᠴᠡᠴᠡᠭᠲᠦ ᠪᠠᠯᠭᠠᠰᠦ ᠵᠡᠷᠭᠡ ᠨᠢᠭᠡ ᠪᠦᠯᠦᠭ ᠤᠨᠴᠠᠯᠢᠭ ᠲᠠᠢ ᠨᠡᠷᠡᠲᠦ ᠲᠡᠮᠳᠡᠭᠲᠦ ᠦᠵᠡᠮᠵᠢ ᠶᠢᠨ ᠤᠷᠤᠨ ᠢ ᠲᠦᠷᠭᠡᠪᠴᠢᠯᠡᠨ ᠪᠦᠲᠦᠭᠡᠨ ᠪᠠᠶᠢᠭᠤᠯᠪᠠ᠃ ᠠᠩᠬᠠᠳᠤᠭᠠᠷ ᠬᠤᠭᠤᠴᠠᠭᠠᠨ ᠤ ᠷᠠᠰᠢᠶᠠᠨ ᠶᠠᠷᠢᠶᠠᠨ ᠤ ᠲᠠᠪᠴᠠᠩ᠂ ᠠᠷᠪᠠᠨ ᠳᠦᠷᠪᠡᠳᠦᠭᠡᠷ ᠬᠤᠭᠤᠴᠠᠭᠠᠨ ᠤ ᠳᠤᠮᠳᠠᠳᠦ ᠤᠷᠤᠰ ᠮᠤᠩᠭᠤᠯ ᠤᠨ ᠦᠢᠯᠡᠳᠪᠦᠷᠢ ᠬᠤᠳᠠᠯᠳᠤᠭᠠᠨ ᠤ ᠶᠠᠷᠢᠶᠠᠨ ᠤ ᠲᠠᠪᠴᠠᠩ ᠪᠤᠯᠤᠨ ᠷᠠᠰᠢᠶᠠᠨ ᠤ ᠬᠤᠷᠴᠠ ᠤᠯᠠᠭᠠᠨ ᠴᠡᠴᠡᠭᠲᠦ ᠨᠠᠶᠢᠷ ᠢ ᠠᠮᠵᠢᠯᠳᠠ ᠲᠠᠢ ᠶᠠᠪᠤᠭᠳᠠᠭᠤᠯᠵᠦ᠂ ᠷᠠᠰᠢᠶᠠᠨ ᠤ ᠤᠯᠠᠨ ᠤᠯᠤᠰ ᠤᠨ ᠪᠡᠶ᠎ᠡ ᠰᠤᠪᠢᠯᠠᠬᠤ ᠮᠦᠰᠦ ᠴᠠᠰᠤᠨ ᠨᠠᠶᠢᠷ᠂ ᠡᠪᠦᠯ ᠤᠨ ᠤᠯᠠᠷᠢᠯ ᠤᠨ ᠨᠠᠭᠠᠳᠤᠮ ᠵᠡᠷᠭᠡ ᠰᠢᠷᠢᠰ ᠠᠵᠢᠯᠯᠠᠭᠠᠨ ᠢ ᠠᠮᠵᠢᠯᠲᠠ ᠲᠠᠢ ᠡᠷᠬᠢᠯᠡᠭᠡᠳ᠂ ᠡᠪᠦᠯ ᠤᠨ ᠤᠯᠠᠷᠢᠯ ᠤᠨ ᠵᠤᠭᠠᠴᠠᠯ ᠤᠨ ᠲᠦᠷᠭᠡᠨ ᠨᠡᠮᠡᠭᠳᠡᠯ ᠢ ᠠᠬᠢᠭᠤᠯᠪᠠ᠃ ᠪᠦᠬᠦ ᠵᠢᠯ ᠳᠤ᠂ ᠵᠤᠭᠠᠴᠠᠭᠰᠠᠳ ᠬᠢᠭᠡᠳ ᠵᠤᠭᠠᠴᠠᠯ ᠤᠨ ᠤᠷᠤᠯᠭ᠎ᠠ ᠠᠩᠬ᠎ᠠ ᠤᠳᠠᠭ᠎ᠠ ︽ᠮᠢᠩᠭᠠᠨ ᠲᠦᠮᠡ ᠵᠠᠭᠤᠨ ᠳ᠋ᠦᠩᠰᠢᠭᠤᠷ ︾ ᠤᠨ ᠬᠠᠷᠠᠯᠲᠠ ᠶᠢ ᠲᠠᠪᠠᠵᠦ᠂ ᠨᠡᠮᠡᠭᠳᠡᠯ ᠤᠨ ᠬᠤᠷᠳᠤᠴᠠ ᠪᠦᠷ 20% ᠶᠢ ᠳᠠᠪᠠᠪᠠ᠃ ᠮᠦᠩᠭᠦᠨ ᠭᠦᠢᠯᠭᠡᠭᠡᠨ ᠤ ᠠᠶᠤᠯ ᠲᠦᠭᠰᠢᠭᠦᠷᠢ ᠶᠢ ᠡᠷᠡᠰ ᠰᠡᠷᠭᠡᠶᠢᠯᠡᠵᠦ᠂ ︽ᠠᠷᠪᠠ ᠶᠢ ᠪᠦᠷᠭᠦᠭᠦᠯᠬᠦ ︾ ᠢᠨᠵᠧᠨᠧᠷᠢᠩ ᠤᠨ ᠠᠷᠪᠠᠨ ᠲᠦᠷᠦᠯ ᠤᠨ ᠲᠤᠳᠤᠭᠠᠳᠤ ᠳᠤ ᠦᠷᠢᠳᠦᠭᠰᠡᠨ ᠢᠨᠵᠧᠨᠧᠷᠢᠩ ᠤᠨ ᠮᠦᠩᠭᠦ ᠵᠢᠴᠢ ᠪᠤᠰᠤᠳ ᠵᠠᠰᠠᠭ ᠤᠨ ᠤᠷᠳᠤᠨ ᠤ ᠦᠷᠢ ᠦᠭᠴᠡᠭᠡ ᠶᠢᠨ ᠤᠨ ᠤ ᠰᠢᠢᠳᠪᠦᠷᠢᠯᠡᠬᠦ ᠡᠭᠦᠷᠭᠡ ᠶᠢ ᠳᠠᠪᠠᠭᠤᠯᠤᠨ ᠪᠡᠶᠡᠯᠡᠭᠦᠯᠪᠡ᠃ ᠪᠦᠬᠦ ᠠᠶᠢᠮᠠᠭ ᠤᠨ ᠪᠠᠩᠭᠢ ᠶᠢᠨ ᠦᠢᠯᠡᠰ ᠤᠨ ᠮᠦᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠰᠢᠨ᠎ᠡ ᠪᠠᠷ ᠲᠠᠯᠪᠢᠭᠰᠠᠨ ᠵᠢᠭᠡᠯᠡᠯᠭᠡ 310 ᠳ᠋ᠦᠩᠰᠢᠭᠤᠷ ᠲᠦᠭᠦᠷᠢᠭ ᠬᠦᠷᠴᠦ᠂ 11% ᠪᠠᠷ ᠨᠡᠮᠡᠭᠳᠡᠪᠡ᠃ ︽ᠬᠤᠶᠠᠷ ᠮᠦᠩᠬᠦ ᠭᠤᠷᠪᠠᠨ ᠳᠦᠷᠢᠮ ︾ ᠤᠨ ᠱᠠᠭᠠᠷᠳᠠᠯᠭ᠎ᠠ ᠶᠢ ᠴᠢᠩᠭ᠎ᠠ ᠨᠠᠶᠢᠳᠠᠪᠦᠷᠢᠵᠢᠭᠤᠯᠵᠦ᠂ ᠮᠠᠯᠴᠢᠨ ᠲᠠᠷᠢᠶᠠᠴᠢᠳ ᠤᠨ ᠬᠠᠤᠯᠢ ᠶᠤᠰᠤᠨ ᠤ ᠡᠷᠬᠡ ᠠᠰᠢᠭ ᠢ ᠦᠨᠡᠨᠬᠦ ᠬᠠᠮᠠᠭᠠᠯᠠᠪᠠ᠃ ᠠᠯᠢᠪᠠᠪᠠ᠂ ᠵᠢᠩ ᠳ᠋ᠦᠩ᠂ ᠰᠤ ᠨᠢᠩ ᠭᠤᠷᠪᠠᠨ ᠶᠡᠭᠡ ᠡᠯᠧᠺᠳ᠋ᠷᠤᠨ ᠬᠤᠳᠠᠯᠳᠤᠭᠠᠨ ᠤ ᠲᠠᠪᠴᠠᠩ ᠲᠠᠢ ᠬᠠᠮᠲᠦᠷᠠᠯᠴᠠᠨ᠂ ᠬᠢᠩᠭᠠᠨ ᠤ ᠤᠨᠴᠠᠯᠢᠬᠲᠦ ᠲᠠᠷᠢᠶᠠᠯᠠᠩ ᠤᠨ ᠦᠢᠯᠡᠳᠭᠦᠨ ᠮᠠᠯ ᠤᠨ ᠠᠰᠢᠭ ᠰᠢᠮ᠎ᠡ ᠶᠢᠨ ᠰᠦᠯᠵᠢᠶᠡᠨ ᠳᠠᠬᠢ ᠪᠤᠷᠤᠯᠠᠭᠤᠯᠭ᠎ᠠ ᠶᠢ ᠲᠦᠯᠬᠢᠨ ᠠᠬᠢᠭᠤᠯᠵᠦ᠂ ᠡᠯᠧᠺᠳ᠋ᠷᠤᠨ ᠬᠤᠳᠠᠯᠳᠤᠭᠠᠨ ᠤ ᠰᠦᠯᠵᠢᠶᠡᠨ ᠳᠡᠭᠡᠷᠡᠬᠢ ᠠᠷᠠᠯᠵᠢᠶᠠᠨ ᠤ ᠭᠡᠮᠵᠢᠶ᠎ᠠ 20 ᠳ᠋ᠦᠩᠰᠢᠭᠤᠷ ᠲᠦᠭᠦᠷᠢᠭ ᠲᠤᠯᠪᠠ᠃ ᠭᠤᠷᠪᠠ ᠳᠤ᠂ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠪᠠ᠃ ᠳᠤᠲᠠᠭᠤᠳᠠᠯ ᠢ ᠨᠦᠬᠦᠪᠦᠷᠢᠯᠡᠨ᠂ ᠨᠦᠬᠡᠴᠡ ᠬᠦᠴᠦᠨ ᠢ ᠨᠡᠮᠡᠭᠳᠡᠭᠦᠯᠬᠦ ᠶᠢᠨ ᠲᠤᠭᠤᠷᠢᠨ ᠳᠤ᠂ ᠬᠦᠭᠵᠢᠭᠦᠯᠦᠯᠲᠡ ᠶᠢᠨ ᠨᠦᠬᠦᠴᠡᠯ ᠢᠶᠠᠨ ᠲᠦᠷᠭᠡᠪᠴᠢᠯᠡᠨ ᠰᠠᠶᠢᠵᠢᠷᠠᠭᠤᠯᠪᠠ᠃ ᠵᠦᠸᠧ ᠡᠯ ᠪᠦᠯᠦᠭᠯᠡᠯ ᠲᠠᠢ ᠬᠠᠮᠲᠦᠪᠡᠷ ᠬᠤᠰᠢᠭᠤ ᠰᠢᠶᠠᠨ ᠬᠤᠲᠠ ᠶᠢᠨ ᠨᠡᠶᠢᠳᠡᠮ ᠬᠡᠷᠡᠭᠯᠡᠬᠦ ᠨᠢᠰᠭᠡᠯ ᠤᠨ ᠪᠠᠭᠤᠳᠠᠯ ᠤᠨ ᠪᠡᠯᠡᠳᠭᠡᠯ ᠠᠵᠢᠯ ᠢ ᠲᠦᠯᠬᠢᠨ ᠠᠬᠢᠭᠤᠯᠪᠠ᠃ ᠤᠯᠠᠭᠠᠨᠬᠤᠲᠡ ᠪᠤᠯᠤᠨ ᠷᠠᠰᠢᠶᠠᠨ ᠨᠢᠰᠭᠡᠯ ᠤᠨ ᠪᠠᠭᠤᠳᠠᠯ ᠤᠨ ᠲᠡᠭᠡᠭᠡᠪᠦᠷᠢᠯᠡᠯᠲᠡ ᠶᠢᠨ ᠠᠶᠠᠯᠠᠯ ᠤᠨ ᠱᠤᠭᠤᠮ 21 ᠵᠤᠷᠪᠤᠰ᠂ ᠵᠤᠭᠠᠴᠠᠭᠰᠠᠳ ᠢ ᠤᠷᠤᠭᠤᠯᠵᠦ ᠭᠠᠷᠭᠠᠬᠤ ᠨᠤᠷᠮ᠎ᠠ ᠨᠢ 80 ᠲᠦᠮᠡᠨ ᠬᠦᠮᠦᠨ ᠢ ᠳᠠᠪᠠᠪᠠ᠃ ᠠᠶᠢᠮᠠᠭ ᠤᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠤᠭᠤᠷᠢᠭ ᠤᠨ ᠲᠡᠮᠦᠷ ᠵᠠᠮ ᠪᠦᠬᠦ ᠱᠤᠭᠤᠮ ᠢᠶᠠᠷ ᠨᠡᠪᠲᠡᠷᠡᠵᠦ᠂ ᠤᠯᠠᠭᠠᠨᠬᠤᠲᠡ ᠠᠴᠠ ᠷᠠᠰᠢᠶᠠᠨ ᠬᠦᠷᠬᠦ ᠭᠠᠯᠲᠦ ᠲᠡᠷᠭᠡᠨ ᠤ ᠬᠤᠷᠳᠤᠴᠠ ᠳᠡᠭᠡᠭᠰᠢᠯᠡᠭᠡᠳ ᠴᠠᠭ ᠪᠦᠷᠢ 90 ᠺᠢᠯᠤᠮᠧᠳ᠋ᠷ ᠲᠤᠯᠪᠠ᠃ ᠭᠤᠤᠯᠳᠠᠯᠭ᠎ᠠ ᠲᠠᠢ ᠵᠠᠰᠠᠮᠠᠯ ᠵᠠᠮ ᠤᠨ ᠲᠦᠷᠦᠯ ᠵᠦᠢᠯ ᠢ 20 ᠭᠡᠷᠡᠭᠵᠢᠭᠦᠯᠵᠦ᠂ ᠪᠠᠶᠢᠭᠤᠯᠤᠭᠰᠠᠨ ᠶᠡᠷᠦᠩᠬᠡᠢ ᠤᠷᠳᠤ ᠨᠢ 18266 ᠺᠢᠯᠤᠮᠧᠳ᠋ᠷ ᠪᠤᠯᠤᠨ᠎ᠠ᠃      ᠭᠤᠤᠯᠳᠠᠯᠭ᠎ᠠ ᠲᠠᠢ ᠤᠰᠤᠨ ᠠᠰᠢᠭᠯᠠᠯᠲᠠ ᠶᠢᠨ ᠢᠨᠵᠧᠨᠧᠷᠢᠩ ᠢ 55 ᠲᠦᠷᠦᠯ ᠲᠤᠤᠱᠯᠠᠭᠤᠯᠵᠦ᠂ ᠴᠤᠤᠯ ᠭᠤᠤᠯ ᠤᠨ ᠤᠰᠤ ᠶᠢ ᠯᠢᠶᠤᠤ ᠾᠧ ᠭᠤᠤᠯ ᠳᠤ ᠲᠠᠲᠠᠨ ᠤᠷᠤᠭᠤᠯᠬᠤ ᠢᠨᠵᠧᠨᠧᠷᠢᠩ ᠤᠨ ᠰᠠᠭᠤᠷᠢ ᠪᠠᠷᠢᠯᠭ᠎ᠠ ᠪᠠ ᠲᠦᠭᠦᠭᠡᠷᠦᠮᠵᠢ ᠬᠤᠳᠠᠯᠳᠤᠨ ᠠᠪᠬᠤ ᠠᠵᠢᠯ ᠢ ᠪᠦᠬᠦᠨ ᠢ ᠪᠡᠶᠡᠯᠡᠭᠦᠯᠵᠦ᠂ ᠴᠤᠤᠯ ᠭᠤᠤᠯ ᠤᠨ ᠤᠰᠤᠯᠠᠯᠳᠠ ᠶᠢᠨ ᠤᠷᠤᠨ᠂ ᠴᠠᠷᠠᠰᠤᠨ ᠴᠦᠬᠦᠷᠦᠮ ᠤᠨ ᠳᠤᠤᠷᠠᠲᠦ ᠤᠷᠤᠰᠬᠠᠯ ᠤᠨ ᠤᠰᠤᠯᠠᠯᠲᠠ ᠶᠢᠨ ᠤᠷᠤᠨ ᠢ ᠲᠦᠷᠭᠡᠪᠴᠢᠯᠡᠨ ᠪᠦᠲᠦᠭᠡᠨ ᠪᠠᠶᠢᠭᠤᠯᠪᠠ᠃ ᠬᠢᠩᠭᠠᠨ ᠠᠴᠠ ᠵᠠᠷᠤᠳ᠂ ᠴᠢᠴᠢᠬᠠᠷ ᠤᠨ ᠡᠮᠦᠨ᠎ᠡ ᠠᠴᠠ ᠬᠢᠩᠭᠠᠨ ᠬᠦᠷᠬᠦ 500 ᠺᠢᠯᠤᠸᠠᠲ ᠴᠠᠬᠢᠯᠭᠠᠨ ᠲᠠᠮᠵᠢᠭᠤᠯᠵᠦ ᠬᠦᠴᠦᠳᠡᠯ ᠦᠭᠡᠷᠡᠴᠢᠯᠡᠬᠦ ᠵᠡᠷᠭᠡ 12 ᠲᠦᠷᠦᠯ ᠤᠨ ᠢᠨᠵᠧᠨᠧᠷᠢᠩ ᠢ ᠪᠠᠶᠢᠭᠤᠯᠤᠨ ᠠᠰᠢᠭᠯᠠᠯᠲᠠ ᠳᠤ ᠤᠷᠤᠭᠤᠯᠵᠦ᠂ ᠪᠦᠬᠦ ᠠᠶᠢᠮᠠᠭ ᠤᠨ ᠴᠠᠬᠢᠯᠭᠠᠨ ᠲᠤᠤᠷ ᠤᠨ ᠶᠡᠷᠦᠩᠬᠡᠢ ᠮᠠᠰᠢᠨ ᠴᠤᠭᠴᠠᠯᠠᠪᠦᠷᠢ ᠶᠢᠨ ᠪᠠᠭᠲᠠᠭᠠᠮᠵᠢ ᠨᠢ 268 ᠲᠦᠮᠡᠨ ᠺᠢᠯᠤᠸᠠᠲ᠂ ᠴᠠᠬᠢᠯᠭᠠᠨ ᠭᠠᠷᠭᠠᠬᠤ ᠶᠡᠷᠦᠩᠬᠡᠢ ᠬᠡᠮᠵᠢᠶ᠎ᠡ ᠨᠢ 56 ᠳ᠋ᠦᠩᠰᠢᠭᠤᠷ ᠺᠢᠯᠤᠸᠠᠲ ᠴᠠᠭ ᠬᠦᠷᠴᠦ᠂ ᠲᠤᠰ ᠲᠤᠰ 10% ᠪᠤᠯᠤᠨ 80% ᠪᠠᠷ ᠨᠡᠮᠡᠭᠳᠡᠵᠦ᠂ ᠢᠯᠴᠢ ᠶᠢᠨ ᠴᠠᠬᠢᠯᠭᠠᠨ᠂ ᠰᠠᠯᠬᠢᠨ ᠬᠦᠴᠦᠨ ᠤ ᠴᠠᠬᠢᠯᠭᠠᠨ᠂ ᠭᠡᠷᠡᠯ ᠸᠤᠯᠲ ᠢᠶᠠᠷ ᠴᠠᠬᠢᠯᠭᠠᠨ ᠭᠠᠷᠭᠠᠬᠤ ᠠᠵᠢᠯ ᠦᠨᠳᠦᠰᠦᠨ ᠳᠡᠭᠡᠨ ᠴᠢᠨᠡᠭᠡ ᠪᠠᠷ ᠢᠶᠠᠨ ᠴᠠᠬᠢᠯᠭᠠᠨ ᠵᠦᠭᠡᠭᠡᠪᠤᠷᠢᠯᠡᠵᠦ ᠲᠡᠶᠢᠯᠬᠦ ᠶᠢ ᠪᠡᠶᠡᠯᠡᠭᠦᠯᠪᠡ᠃ ᠳᠦᠷᠪᠡ ᠳᠤ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠴᠢᠳᠠᠪᠦᠷᠢ ᠮᠡᠳᠡᠭᠳᠡᠮ᠎ᠡ ᠴᠢᠩᠭᠠᠷᠠᠪᠠ᠃ ᠶᠤᠸᠠᠨ ᠯᠦᠩ ᠫᠢᠩ ᠤᠰᠤᠨ ᠳᠤᠲᠤᠷᠭ᠎ᠠ ᠶᠢᠨ ᠠᠺᠡᠳᠧᠮᠢᠴᠢ ᠲᠤᠰᠬᠠᠢ ᠮᠡᠷᠭᠡᠵᠢᠯᠲᠡᠨ ᠤ ᠠᠵᠢᠯ ᠤᠨ ᠦᠷᠲᠡᠭᠡ ᠫᠠᠶᠢᠰᠠ ᠡᠯᠭᠦᠨ ᠠᠵᠢᠯ ᠡᠬᠢᠯᠡᠭᠦᠯᠪᠡ᠃ ᠪᠠᠢ ᠢ ᠡᠮ ᠦᠢᠯᠡᠳᠬᠦ ᠺᠤᠮᠫᠠᠨᠢ ᠰᠢᠨ᠎ᠡ ᠡᠮ ᠰᠤᠳᠤᠯᠤᠨ ᠨᠠᠶᠢᠷᠠᠭᠤᠯᠵᠦ ᠤᠯᠤᠰ ᠤᠨ ᠳᠤᠲᠤᠭᠠᠳᠦ ᠶᠢᠨ ᠬᠤᠭᠤᠰᠤᠨ ᠢ ᠨᠦᠬᠦᠪᠦᠷᠢᠯᠡᠪᠠ᠃ ᠰᠢᠬᠢᠷ ᠤᠨ ᠦᠢᠯᠡᠳᠪᠦᠷᠢ ᠶᠢᠨ ᠮᠡᠷᠭᠡᠵᠢᠯ ᠤᠨ ᠰᠤᠳᠤᠯᠤᠯᠲᠠ ᠶᠢᠨ ᠲᠦᠪ ᠦᠪᠡᠷᠲᠡᠭᠡᠨ ᠵᠠᠰᠠᠬᠤ ᠤᠷᠤᠨ ᠤ ᠬᠢᠨᠠᠨ ᠵᠦᠪᠰᠢᠶᠡᠷᠡᠯ ᠢ ᠤᠯᠪᠠ᠃ ᠪᠦᠬᠦ ᠠᠶᠢᠮᠠᠭ ᠤᠨ ᠠᠺᠡᠳᠧᠮᠢᠴᠢ ᠲᠤᠰᠬᠠᠢ ᠮᠡᠷᠭᠡᠵᠢᠯᠲᠡᠨ ᠤ ᠠᠵᠢᠯ ᠤᠨ ᠦᠷᠲᠡᠭᠡ 5 ᠲᠤᠯᠵᠦ᠂ ᠦᠪᠡᠷᠲᠡᠭᠡᠨ ᠵᠠᠰᠠᠬᠤ ᠤᠷᠤᠨ ᠤ ᠳᠡᠰ ᠤᠨ ᠪᠠᠷᠢᠯᠭ᠎ᠠ ᠶᠢᠨ ᠮᠡᠷᠭᠡᠵᠢᠯ ᠤᠨ ᠰᠤᠳᠤᠯᠤᠯᠲᠠ ᠶᠢᠨ ᠲᠦᠪ᠂ ᠠᠵᠦ ᠠᠬᠤᠶᠢᠯᠠᠯ ᠤᠨ ᠭᠤᠤᠯᠳᠠᠯᠭ᠎ᠠ ᠲᠠᠢ ᠲᠤᠷᠰᠢᠯᠲᠠ ᠶᠢᠨ ᠲᠠᠰᠤᠭ ᠵᠡᠷᠭᠡ ᠶᠢ ᠨᠡᠮᠡᠭᠳᠡᠭᠦᠯᠦᠭᠡᠳ 40 ᠪᠤᠯᠭᠠᠪᠠ᠃ ᠲᠠᠪᠤ ᠳᠤ᠂ ᠰᠢᠯᠢᠳᠡᠭ ᠰᠠᠶᠢᠨ ᠠᠮᠢ ᠠᠬᠤᠢ ᠶᠢᠨ ᠤᠷᠴᠢᠨ ᠲᠤᠭᠤᠷᠢᠨ ᠢ ᠦᠷᠭᠦᠯᠵᠢᠯᠡᠨ ᠪᠠᠬᠢᠵᠢᠭᠦᠯᠪᠠ᠃ ᠪᠤᠬᠢᠷᠲᠤᠯ ᠢ ᠰᠡᠷᠭᠡᠶᠢᠯᠡᠨ ᠵᠠᠰᠠᠬᠤ ᠪᠤᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠳᠤᠷ ᠬᠢᠵᠦ᠂ ᠠᠭᠠᠷ ᠮᠠᠨᠳᠠᠯ᠂ ᠤᠰᠤ᠂ ᠬᠦᠷᠦᠰᠦ ᠰᠢᠷᠤᠢ ᠶᠢᠨ ᠪᠤᠬᠢᠷᠲᠤᠯ ᠢ ᠰᠡᠷᠭᠡᠶᠢᠯᠡᠨ ᠵᠠᠰᠠᠬᠤ ᠪᠤᠭᠤᠮᠳᠠ ᠰᠢᠪᠲᠤᠯᠬᠤ ᠭᠤᠷᠪᠠᠨ ᠵᠢᠯ ᠤᠨ ᠠᠵᠢᠯᠯᠠᠭᠠᠨ ᠤ ᠲᠦᠯᠦᠪᠯᠡᠭᠡ ᠵᠢᠴᠢ ᠵᠢᠯ ᠤᠨ ᠲᠦᠰᠦᠪ ᠢ ᠲᠤᠭᠳᠠᠭᠠᠵᠦ᠂ ᠪᠤᠬᠢᠷᠲᠤᠯ ᠢ ᠰᠡᠷᠭᠡᠶᠢᠯᠡᠨ ᠵᠠᠰᠠᠬᠤ 108 ᠲᠦᠷᠦᠯ ᠵᠦᠢᠯ ᠢ ᠪᠡᠶᠡᠯᠡᠭᠦᠯᠪᠡ᠃ ᠤᠯᠠᠭᠠᠨᠬᠤᠲᠡ ᠬᠤᠲᠠ ᠶᠢᠨ ᠲᠤᠭᠤᠷᠢᠭ ᠤᠨ ᠠᠭᠤᠷ ᠠᠮᠢᠰᠬᠤᠯ ᠰᠠᠶᠢᠨ ᠡᠳᠦᠷ ᠤᠨ ᠡᠵᠡᠯᠡᠬᠦ ᠬᠠᠷᠢᠴᠠᠯ 90% ᠠᠴᠠ ᠳᠡᠭᠡᠭᠰᠢ ᠳᠤ ᠲᠤᠭᠳᠠᠪᠤᠷᠢᠵᠢᠪᠠ᠃ ᠪᠡᠶᠡᠴᠢ ᠴᠤᠭᠴᠠ ᠶᠢᠨ ᠴᠢᠳᠠᠮᠵᠢ ᠶᠢᠨ ᠲᠤᠭᠤᠷᠢᠭ ᠤᠨ ᠲᠦᠯᠦᠪᠵᠢᠭᠦᠯᠭᠡ ᠶᠢ ᠴᠢᠩᠭ᠎ᠠ ᠨᠠᠶᠢᠳᠠᠪᠦᠷᠢᠵᠢᠭᠤᠯᠵᠦ᠂ ᠪᠦᠬᠦ ᠠᠶᠢᠮᠠᠭ ᠤᠨ 46% ᠨᠤᠲᠤᠭ ᠳᠡᠪᠢᠰᠭᠡᠷ ᠤᠨ ᠲᠠᠯᠠᠪᠠᠢ ᠶᠢ ᠠᠮᠢ ᠠᠬᠤᠢ ᠶᠢᠨ ᠬᠤᠷᠢᠭ᠎ᠠ ᠱᠤᠭᠤᠮ ᠤᠨ ᠬᠠᠮᠠᠭᠠᠯᠠᠯᠲᠠ ᠶᠢᠨ ᠬᠦᠷᠢᠶᠡᠨ ᠳᠤ ᠤᠷᠤᠭᠤᠯᠪᠠ᠃ ᠲᠡᠮᠡᠭᠡᠴᠢ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠢᠶᠠᠷ ᠭᠤᠤᠯᠳᠠᠯᠭ᠎ᠠ ᠪᠤᠯᠭᠠᠵᠦ᠂ ᠡᠯ᠎ᠡ ᠲᠦᠷᠦᠯ ᠤᠨ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠤ ᠳᠦᠷᠢᠮᠵᠢᠭᠦᠨ ᠬᠠᠮᠢᠶᠠᠷᠤᠯᠲᠠ ᠶᠢ ᠴᠢᠩᠭᠠᠳᠬᠠᠪᠠ᠃ ᠲᠦᠪ ᠤᠨ ᠤᠷᠴᠢᠨ ᠲᠤᠭᠤᠷᠢᠨ ᠤ ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠬᠤ ᠳᠤᠭᠤᠶᠢᠯᠠᠩ ᠤᠨ ︽ᠡᠷᠭᠢᠨ ᠬᠠᠷᠠᠬᠤ ︾ ᠠᠵᠢᠯ ᠤᠨ ᠬᠠᠷᠢᠭᠤ ᠲᠤᠰᠬᠠᠭᠰᠠᠨ ᠠᠰᠠᠭᠤᠳᠠᠯ ᠢ ᠪᠦᠬᠦᠨ ᠢ ᠰᠢᠢᠳᠪᠦᠷᠢᠯᠡᠨ ᠳᠠᠭᠤᠰᠬᠠᠪᠠ᠃ ᠭᠤᠤᠯᠳᠠᠯᠭ᠎ᠠ ᠲᠠᠢ ᠠᠮᠢ ᠠᠬᠤᠢ ᠶᠢᠨ ᠢᠨᠵᠧᠨᠧᠷᠢᠩ ᠤᠨ ᠪᠠᠶᠢᠭᠤᠯᠤᠯᠲᠠ ᠶᠢ ᠴᠢᠩᠭᠠᠳᠬᠠᠵᠦ᠂ ᠪᠦᠬᠦ ᠵᠢᠯ ᠳᠤ 71 ᠲᠦᠮᠡᠨ ᠮᠤ ᠤᠶᠢᠵᠢᠭᠤᠯᠤᠯᠲᠠ ᠶᠢᠨ ᠠᠵᠢᠯ ᠢ ᠪᠡᠶᠡᠯᠡᠭᠦᠯᠪᠡ᠃ ᠷᠠᠰᠢᠶᠠᠨ ᠬᠤᠲᠡ ᠤᠯᠤᠰ ᠤᠨ ᠳᠡᠰ ᠤᠨ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠲᠠ ᠶᠢᠨ ᠵᠢᠱᠢᠶ᠎ᠡ ᠦᠵᠡᠭᠦᠯᠬᠦ ᠬᠤᠲᠠ ᠪᠤᠯᠵᠦ᠂ ᠪᠦᠬᠦ ᠤᠯᠤᠰ ᠤᠨ ᠲᠦᠷᠦᠭᠦᠦ ᠪᠦᠯᠦᠭ ᠪᠦᠬᠦ ᠤᠷᠤᠨ ᠤ ᠴᠤᠷᠢ ᠶᠢᠨ ᠭᠠᠭᠴᠠ ︽ᠳᠤᠮᠳᠠᠳᠦ ᠤᠯᠤᠰ ᠤᠨ ᠠᠭᠤᠷ ᠠᠮᠢᠰᠬᠤᠯ ᠤᠨ ᠠᠮᠢ ᠠᠬᠤᠢ ᠶᠢᠨ ᠬᠤᠲᠠ ︾ ᠪᠠᠷ ᠦᠨᠡᠯᠡᠭᠳᠡᠪᠡ ︔ ᠤᠯᠠᠭᠠᠨᠬᠤᠲᠡ ᠶᠢᠨ ᠲᠤᠭᠤᠷ ᠤᠨ ᠭᠤᠤᠯ ᠦᠵᠡᠮᠵᠢ ᠶᠢᠨ ᠤᠷᠤᠨ ᠤᠯᠤᠰ ᠤᠨ ᠤᠰᠤᠨ ᠠᠰᠢᠭᠯᠠᠯᠲᠠ ᠶᠢᠨ ᠦᠵᠡᠮᠵᠢ ᠶᠢᠨ ᠤᠷᠤᠨ ᠤ ᠴᠤᠯᠠ ᠶᠢ ᠬᠦᠷᠲᠡᠪᠡ᠃     — ᠤᠨᠴᠠ ᠶᠠᠳᠠᠭᠤ ᠬᠦᠴᠢᠷᠳᠡᠯᠲᠡᠢ ᠠᠰᠠᠭᠤᠳᠠᠯ ᠳᠤ ᠲᠦᠪᠯᠡᠷᠡᠭᠦᠯᠦᠨ᠂ ᠶᠠᠳᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠤᠯᠲᠠ ᠪᠤᠯᠤᠨ ᠬᠦᠳᠡᠭᠡ ᠲᠤᠰᠬᠤᠨ ᠤ ᠬᠦᠭᠵᠢᠨ ᠮᠠᠨᠳᠦᠯᠲᠠ ᠶᠢ ᠯᠠᠪᠲᠠᠭᠤᠨ ᠪᠠᠲᠦᠲᠠᠢ ᠲᠦᠯᠬᠢᠨ ᠠᠬᠢᠭᠤᠯᠪᠠ᠃ ᠨᠢᠭᠡ ᠳᠤ᠂ ᠶᠠᠳᠠᠭᠤ ᠠᠴᠠ ᠠᠩᠭᠢᠵᠢᠷᠠᠨ ᠶᠠᠳᠠᠭᠤ ᠮᠠᠯᠠᠭᠠᠢ ᠪᠠᠨ ᠠᠪᠴᠤ ᠬᠠᠶᠠᠬᠤ ᠪᠠᠷ ᠬᠦᠴᠦᠯᠡᠨ ᠴᠢᠷᠮᠠᠶᠢᠪᠠ᠃ ᠠᠵᠦ ᠦᠢᠯᠡᠰ ᠤᠨ ᠪᠦᠷᠭᠦᠴᠡ ᠶᠢ ᠯᠠᠪᠳᠠᠭᠤᠨ ᠢᠶᠠᠷ ᠨᠡᠮᠡᠭᠳᠡᠭᠦᠯᠬᠦ᠂ ᠨᠤᠷᠠᠬᠤ ᠠᠶᠤᠯᠲᠠᠢ ᠭᠡᠷ ᠪᠠᠶᠢᠰᠢᠩ ᠢ ᠪᠦᠬᠦᠨ ᠢ ᠦᠭᠡᠶᠢᠰᠭᠡᠬᠦ᠂ ᠡᠮ ᠡᠮᠨᠡᠯᠭᠡ ᠶᠢᠨ ᠪᠠᠲᠦᠯᠠᠪᠦᠷᠢ ᠶᠢ ᠡᠷᠦᠭᠡ ᠪᠤᠯᠭᠠᠨ ᠳᠤ ᠲᠤᠤᠱᠯᠠᠭᠤᠯᠬᠤ᠂ ᠳᠤᠲᠤᠭᠠᠳᠦ ᠬᠦᠳᠡᠯᠭᠡᠬᠦ ᠬᠦᠴᠦᠨ ᠢ ᠳᠡᠭᠡᠭᠰᠢᠯᠡᠭᠦᠯᠬᠦ ᠲᠤᠰᠬᠠᠢ ᠠᠵᠢᠯᠯᠠᠭ᠎ᠠ ᠪᠤᠯᠤᠨ ︽ᠰᠤᠷᠤᠯᠴᠠᠯᠭ᠎ᠠ ᠪᠠᠷ ᠭᠤᠤᠯ ᠪᠤᠯᠭᠠᠬᠤ᠂ ᠨᠠᠮ ᠤᠨ ᠪᠠᠶᠢᠭᠤᠯᠤᠯᠲᠠ ᠪᠠᠷ ᠳᠠᠶᠢᠴᠢᠯᠠᠭᠤᠯᠬᠤ᠂ ᠬᠤᠶᠠᠷ ᠢ ᠬᠤᠪᠢᠷᠠᠭᠤᠯᠤᠨ ᠭᠤᠷᠪᠠ ᠶᠢ ᠦᠭᠡᠷᠡᠴᠢᠯᠡᠬᠦ ︾ ᠮᠠᠯᠴᠢᠨ ᠲᠠᠷᠢᠶᠠᠴᠢᠳ ᠤᠨ ᠬᠡᠪ ᠪᠤᠯᠪᠠᠰᠤᠷᠠᠯ ᠢ ᠳᠡᠭᠡᠭᠰᠢᠯᠡᠭᠦᠯᠬᠦ ᠢᠨᠵᠧᠨᠧᠷᠢᠩ ᠢ ᠡᠷᠴᠢᠮᠲᠠᠢ ᠶᠠᠪᠤᠭᠳᠠᠭᠤᠯᠵᠦ᠂ ︽ᠵᠤᠷᠢᠭ ᠢ ᠨᠢ ᠬᠦᠪᠴᠢᠯᠡᠨ ᠢᠲᠡᠭᠡᠯ ᠲᠡᠭᠦᠯᠳᠡᠷ ᠪᠤᠯᠭᠠᠨ᠂ ᠤᠶᠤᠨ ᠢ ᠨᠢ ᠰᠡᠭᠡᠭᠡᠷᠡᠭᠦᠯᠦᠨ ᠤᠷ᠎ᠠ ᠴᠢᠳᠠᠪᠦᠷᠢ ᠲᠠᠢ ᠪᠤᠯᠭᠠᠬᠤ ᠬᠤᠪᠢ ᠲᠡᠮᠳᠡᠭᠯᠡᠬᠦ ᠳᠦᠷᠢᠮ ︾ ᠵᠡᠷᠭᠡ ᠵᠦᠪ ᠴᠢᠭᠯᠡᠯᠲᠦ ᠵᠤᠷᠢᠭᠵᠢᠭᠤᠯᠤᠯ ᠤᠨ ᠠᠷᠭ᠎ᠠ ᠠᠪᠴᠠᠯ ᠢ ᠳᠡᠯᠭᠡᠷᠡᠭᠦᠯᠪᠡ᠃ ᠲᠤᠬᠠᠢ ᠶᠢᠨ ᠭᠠᠵᠠᠷ ᠲᠠᠭᠠᠨ ᠲᠤᠬᠢᠷᠠᠭᠤᠯᠤᠨ ︽ᠨᠤᠷᠠᠬᠤ ᠠᠶᠤᠯᠲᠠᠢ ᠭᠡᠷ ᠪᠠᠶᠢᠰᠢᠩ ᠢ ᠰᠢᠨᠡᠳᠭᠡᠨ ᠵᠠᠰᠠᠬᠤ᠂ ᠠᠵᠦ ᠦᠢᠯᠡᠰ ᠢᠶᠠᠷ ᠶᠠᠳᠠᠭᠤ ᠶᠢ ᠳᠡᠳᠭᠦᠬᠦ ︾ ᠪᠠ ︽ᠰᠤᠷᠭᠠᠨ ᠬᠦᠮᠦᠵᠢᠯ ᠢᠶᠠᠷ ᠶᠠᠳᠠᠭᠤ ᠶᠢ ᠳᠡᠳᠭᠦᠬᠦ᠂ ᠡᠷᠡᠭᠦᠯ ᠮᠡᠨᠳᠦ ᠪᠠᠷ ᠶᠠᠳᠠᠭᠤ ᠶᠢ ᠳᠡᠳᠭᠦᠬᠦ᠂ ᠠᠮᠢᠳᠤᠷᠠᠯ ᠢ ᠠᠪᠤᠷᠠᠨ ᠲᠤᠰᠠᠯᠠᠬᠤ ︾ ᠲᠦᠷᠦ ᠶᠢᠨ ᠪᠤᠳᠤᠯᠭ᠎ᠠ ᠶᠢ ᠭᠤᠶᠢᠪᠢᠰᠢ ᠦᠭᠡᠢ ᠲᠤᠤᠱᠯᠠᠭᠤᠯᠤᠨ ᠨᠠᠶᠢᠳᠠᠪᠦᠷᠢᠵᠢᠭᠤᠯᠵᠦ᠂ ᠪᠦᠬᠦ ᠵᠢᠯ ᠳᠤ ᠶᠠᠳᠠᠭᠤ ᠶᠢ ᠳᠡᠳᠭᠦᠬᠦ ᠲᠤᠰᠬᠠᠢ ᠪᠡᠯᠡ ᠮᠦᠩᠬᠦ ᠶᠢ 11.5 ᠳ᠋ᠦᠩᠰᠢᠭᠤᠷ ᠲᠦᠭᠦᠷᠢᠭ ᠤᠷᠤᠭᠤᠯᠵᠦ᠂ 11 ᠳ᠋ᠦᠩᠰᠢᠭᠤᠷ ᠲᠦᠭᠦᠷᠢᠭ ᠪᠡᠯᠡ ᠮᠦᠩᠭᠦ ᠶᠢ ᠨᠡᠶᠢᠳᠭᠡᠵᠦ᠂ ᠮᠦᠩᠭᠦᠨ ᠭᠦᠢᠯᠭᠡᠭᠡᠨ ᠤ ᠶᠠᠳᠠᠭᠤ ᠶᠢ ᠳᠡᠳᠭᠦᠬᠦ ᠵᠢᠭᠡᠯᠡᠯᠭᠡ ᠶᠢᠨ ᠮᠦᠩᠬᠦ ᠶᠢ 13.4 ᠳ᠋ᠦᠩᠰᠢᠭᠤᠷ ᠲᠦᠭᠦᠷᠢᠭ ᠲᠠᠷᠬᠠᠭᠠᠵᠦ᠂ 3.1 ᠲᠦᠮᠡᠨ ᠬᠦᠮᠦᠨ ᠢ ᠶᠠᠳᠠᠭᠤ ᠠᠴᠠ ᠠᠩᠭᠢᠵᠢᠷᠠᠭᠤᠯᠵᠦ᠂ ᠤᠯᠤᠰ ᠤᠨ ᠳᠡᠰ ᠤᠨ ᠶᠠᠳᠠᠭᠤ ᠬᠦᠴᠢᠷᠳᠡᠯᠲᠡᠢ ᠭᠤᠷᠪᠠᠨ ᠬᠤᠰᠢᠭᠤ ᠰᠢᠶᠠᠨ ᠤ ᠶᠠᠳᠠᠭᠤ ᠠᠴᠠ ᠠᠩᠭᠢᠵᠢᠷᠠᠬᠤ ᠠᠵᠢᠯ ᠳᠤ ᠦᠪᠡᠷᠲᠡᠭᠡᠨ ᠵᠠᠰᠠᠬᠤ ᠤᠷᠤᠨ ᠠᠴᠠ ᠦᠨᠡᠯᠡᠯᠳᠡ ᠬᠢᠵᠡᠢ᠃ ᠤᠯᠤᠰ ᠤᠨ ᠲᠠᠪᠤᠨ ᠶᠠᠮᠤᠨ ᠵᠦᠪᠯᠡᠯ ᠠᠴᠠ ᠲᠤᠭᠲᠠᠭᠰᠠᠨ ᠴᠡᠭ ᠲᠤ ᠶᠠᠳᠠᠭᠤ ᠶᠢ ᠳᠡᠳᠭᠦᠬᠦ ᠪᠠ ᠪᠡᠭᠡᠵᠢᠩ ᠠᠴᠠ ᠥᠪᠦᠷ ᠮᠣᠩᠭᠤᠯ ᠢ ᠬᠠᠪᠰᠤᠷᠤᠨ ᠳᠡᠳᠬᠦᠬᠦ ᠬᠠᠮᠵᠢᠯᠴᠠᠭᠠᠨ ᠤ ᠲᠦᠷᠦᠯ ᠵᠦᠢᠯ ᠢ ᠢᠳᠡᠪᠬᠢᠲᠠᠢ ᠲᠦᠯᠬᠢᠨ ᠠᠬᠢᠭᠤᠯᠵᠦ᠂ ᠪᠡᠭᠡᠵᠢᠩ ᠠᠴᠠ ᠦᠪᠦᠷ ᠮᠤᠩᠭᠤᠯ ᠢ ᠬᠠᠪᠰᠤᠷᠤᠨ ᠳᠡᠳᠭᠦᠬᠦ ᠬᠠᠮᠵᠢᠯᠴᠠᠭ᠎ᠠ ᠵᠢᠴᠢ ᠪᠡᠭᠡᠵᠢᠩ ᠲᠢᠶᠠᠨᠵᠢᠨ ᠾᠧᠪᠸᠢ ᠶᠢᠨ ᠠᠵᠦ ᠦᠢᠯᠡᠰ ᠤᠨ ᠰᠢᠯᠵᠢᠯᠲᠡ ᠶᠢ ᠬᠦᠯᠢᠶᠡᠨ ᠠᠪᠬᠤ ᠳᠡᠯᠭᠡᠷᠡᠭᠦᠯᠦᠨ ᠲᠠᠨᠢᠯᠴᠠᠭᠤᠯᠬᠤ ᠬᠤᠷᠠᠯ ᠢ ᠪᠡᠭᠡᠵᠢᠩ ᠳᠤ ᠬᠤᠷᠠᠯᠳᠤᠭᠤᠯᠵᠦ᠂ ᠶᠠᠳᠠᠭᠤ ᠶᠢ ᠳᠡᠳᠭᠦᠬᠦ ᠬᠠᠮᠲᠦᠷᠠᠨ ᠠᠵᠢᠯᠯᠠᠬᠤ ᠲᠦᠷᠦᠯ ᠵᠦᠢᠯ ᠢ 45 ᠪᠡᠶᠡᠯᠡᠭᠦᠯᠵᠦ᠂ ᠬᠠᠮᠲᠦᠷᠠᠨ ᠠᠵᠢᠯᠯᠠᠬᠤ ᠪᠡᠯᠡ ᠮᠦᠩᠬᠦ 2 ᠳ᠋ᠦᠩᠰᠢᠭᠤᠷ ᠲᠦᠭᠦᠷᠢᠭ ᠢ ᠲᠤᠤᠱᠲᠠᠢ ᠨᠠᠶᠢᠳᠠᠪᠦᠷᠢᠵᠢᠭᠤᠯᠪᠠ᠃ ᠬᠤᠶᠠᠷ ᠲᠤ᠂ ᠲᠠᠷᠢᠶᠠᠯᠠᠩ ᠮᠠᠯ ᠠᠵᠦ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢ ᠭᠦᠨᠵᠡᠭᠡᠶᠢᠷᠡᠭᠦᠯᠪᠡ᠃ ︽ᠨᠢᠭᠡ ᠶᠢ ᠳᠡᠭᠡᠭᠰᠢᠯᠡᠭᠦᠯᠦᠨ ᠬᠤᠶᠠᠷ ᠢ ᠨᠡᠮᠡᠭᠳᠡᠭᠦᠯᠬᠦ ︾ ᠠᠵᠢᠯᠯᠠᠭ᠎ᠠ ᠶᠢᠨ ᠲᠦᠯᠦᠪᠯᠡᠭᠡ ᠶᠢ ᠬᠡᠷᠡᠭᠵᠢᠭᠦᠯᠵᠦ᠂ ︽ᠠᠮᠤ ᠪᠤᠳᠠᠭ᠎ᠠ ᠨᠤᠭᠤᠭ᠎ᠠ ᠵᠢᠮᠢᠰ ᠲᠤᠰᠤ ᠰᠢᠬᠢᠷ᠂ ᠭᠠᠭ᠋ᠠᠢ ᠵᠢᠭᠦᠷᠳᠡᠨ ᠦᠬᠡᠷ ᠬᠤᠨᠢ ︾ ᠶᠢᠨ 9 ᠶᠡᠭᠡ ᠠᠵᠦ ᠦᠢᠯᠡᠰ ᠢ ᠬᠦᠭᠵᠢᠭᠦᠯᠵᠦ᠂ ᠦᠨᠳᠦᠷ ᠪᠦᠳᠦᠮᠵᠢᠳᠦ ᠲᠠᠷᠢᠮᠠᠯ ᠤᠰᠤᠨ ᠳᠤᠲᠤᠷᠭ᠎ᠠ᠂ ᠰᠢᠬᠢᠷ ᠤᠨ ᠲᠠᠷᠢᠮᠠᠯ ᠲᠠᠷᠢᠬᠤ ᠲᠠᠯᠠᠪᠠᠢ ᠶᠢ ᠲᠤᠰ ᠲᠤᠰ 23% ᠪᠠ 19% ᠪᠠᠷ ᠨᠡᠮᠡᠭᠳᠡᠭᠦᠯᠪᠡ᠃ ︽ᠳᠦᠷᠪᠡᠨ ᠵᠠᠭᠤᠨ ᠲᠦᠮᠡᠨ ︾ ᠤᠬᠢ ᠰᠠᠶᠢᠨ ᠲᠠᠷᠢᠶᠠᠯᠠᠩ ᠤᠨ ᠪᠦᠲᠦᠭᠡᠭᠳᠡᠭᠦᠨ ᠤ ᠲᠦᠭᠦᠭᠡᠢ ᠮᠠᠲ᠋ᠧᠷᠢᠶᠠᠯ ᠤᠨ ᠰᠠᠭᠤᠷᠢᠨ ᠭᠠᠵᠠᠷ ᠪᠤᠯᠤᠨ ︽ᠬᠤᠤᠰ ᠵᠠᠭᠤ ᠮᠢᠩᠭᠠᠨ ᠳ᠋ᠦᠩᠰᠢᠭᠤᠷ ︾ ᠴᠢᠨᠠᠷ ᠰᠠᠶᠢᠲᠠᠢ ᠮᠠᠯ ᠤᠨ ᠠᠰᠢᠭ ᠰᠢᠮ᠎ᠡ ᠶᠢᠨ ᠦᠢᠯᠡᠳᠪᠦᠷᠢᠯᠡᠯ ᠤᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠵᠦ᠂ ᠠᠮᠤ ᠪᠤᠳᠠᠭᠠᠨ ᠤ ᠤᠨᠠᠯᠳᠠ 115.5 ᠳ᠋ᠦᠩᠰᠢᠭᠤᠷ ᠵᠢᠩ᠂ ᠮᠠᠯ ᠲᠡᠵᠢᠭᠡᠪᠦᠷᠢ ᠶᠢᠨ ᠲᠤᠭ᠎ᠠ ᠨᠢ 1355 ᠲᠦᠮᠡᠨ ᠲᠤᠯᠤᠭᠠᠢ ᠲᠤᠯᠪᠠ᠃ ᠰᠢᠨ᠎ᠡ ᠬᠡᠯᠪᠡᠷᠢ ᠶᠢᠨ ᠲᠠᠷᠢᠶᠠᠯᠠᠩ ᠮᠠᠯ ᠠᠵᠦ ᠠᠬᠤᠢ ᠶᠢᠨ ᠡᠵᠡᠩᠨᠡᠯᠲᠡ ᠶᠢᠨ ᠪᠡᠶᠡᠴᠢ ᠴᠤᠭᠴᠠ ᠶᠢ ᠲᠦᠷᠭᠡᠪᠴᠢᠯᠡᠨ ᠬᠦᠭᠵᠢᠭᠦᠯᠵᠦ᠂ ᠮᠠᠯᠴᠢᠨ ᠲᠠᠷᠢᠶᠠᠴᠢᠳ ᠤᠨ ᠬᠤᠷᠰᠢᠶᠠᠵᠢᠯ ᠢ ᠳᠦᠷᠢᠮᠵᠢᠭᠦᠨ ᠢᠶᠠᠷ ᠬᠦᠭᠵᠢᠭᠦᠯᠬᠦ ᠲᠦᠷᠦ ᠶᠢᠨ ᠪᠤᠳᠤᠯᠭ᠎ᠠ ᠠᠷᠠᠭ᠎ᠠ ᠬᠡᠮᠵᠢᠶ᠎ᠡ ᠪᠠ ᠱᠠᠩᠨᠠᠨ ᠬᠦᠬᠢᠭᠦᠯᠬᠦ ᠪᠠᠶᠢᠭᠤᠯᠤᠮᠵᠢ ᠶᠢ ᠲᠡᠭᠦᠯᠳᠡᠷᠵᠢᠭᠦᠯᠦᠨ ᠪᠦᠷᠢᠨᠰᠢᠭᠦᠯᠵᠦ᠂ ︽ᠦᠭᠡᠷ ᠲᠡᠵᠢᠭᠡᠬᠦ ᠬᠠᠮᠲᠦᠷᠠᠭᠰᠠᠨ ᠴᠤᠭᠴᠠ ︾ ︽ᠬᠤᠨᠢ ᠲᠡᠵᠢᠭᠡᠬᠦ ᠬᠠᠮᠲᠦᠷᠠᠭᠰᠠᠨ ᠴᠤᠭᠴᠠ ︾ ︽ᠬᠢᠩᠭᠠᠨ ᠠᠶᠢᠮᠠᠭ ᠤᠨ ᠳᠤᠲᠤᠷᠭᠠᠨ ᠦᠢᠯᠡᠰ ᠤᠨ ᠬᠤᠯᠪᠤᠭ᠎ᠠ ︾ ᠬᠢᠭᠡᠳ ︽ᠲᠠᠷᠢᠶᠠᠯᠠᠩ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠬᠡᠷᠡᠭᠰᠡᠯ ᠤᠨ ᠬᠠᠩᠭᠠᠯᠭ᠎ᠠ ᠶᠢᠨ ᠬᠤᠯᠪᠤᠭ᠎ᠠ ︾ ᠵᠡᠷᠭᠡ ᠬᠠᠮᠲᠦᠷᠠᠨ ᠠᠵᠢᠯᠯᠠᠬᠤ ᠠᠷᠭ᠎ᠠ ᠵᠠᠮ ᠢ ᠰᠦᠪᠡᠭᠴᠢᠯᠡᠵᠦ᠂ ᠤᠯᠤᠰ ᠤᠨ ᠳᠡᠰ ᠤᠨ ᠵᠢᠱᠢᠶ᠎ᠡ ᠦᠵᠡᠭᠦᠯᠬᠦ ᠬᠤᠷᠰᠢᠶᠠᠵᠢᠯ ᠢ 17 ᠪᠠᠶᠢᠭᠤᠯᠵᠦ᠂ ᠦᠪᠡᠷᠲᠡᠭᠡᠨ ᠵᠠᠰᠠᠬᠤ ᠤᠷᠤᠨ ᠤ ᠳᠡᠰ ᠤᠨ ᠵᠢᠱᠢᠶ᠎ᠡ ᠦᠵᠡᠭᠦᠯᠬᠦ ᠬᠤᠷᠰᠢᠶᠠᠵᠢᠯ 60 ᠲᠤᠯᠪᠠ᠃ ᠭᠤᠷᠪᠠ ᠳᠤ᠂ ᠨᠡᠷᠡᠲᠦ ᠲᠡᠮᠳᠡᠭ ᠤᠨ ᠪᠦᠲᠦᠭᠡᠨ ᠪᠠᠶᠢᠭᠤᠯᠤᠯᠲᠠ ᠴᠢᠬᠤᠯᠠ ᠶᠡᠭᠡ ᠰᠢᠪᠲᠦᠯᠦᠯᠲᠡ ᠶᠢ ᠪᠡᠶᠡᠯᠡᠭᠦᠯᠪᠡ᠃ ᠴᠢᠨᠠᠷ ᠰᠠᠶᠢᠲᠠᠢ ᠲᠠᠷᠢᠶᠠᠯᠠᠩ ᠤᠨ ᠪᠦᠲᠦᠭᠡᠭᠳᠡᠭᠦᠨ ᠮᠠᠯ ᠤᠨ ᠠᠰᠢᠭ ᠰᠢᠮ᠎ᠡ ᠶᠢᠨ ᠨᠡᠷᠡᠲᠦ ᠲᠡᠮᠳᠡᠭ ᠢᠶᠠᠷ ᠬᠦᠲᠦᠯᠦᠨ ᠳᠠᠭᠠᠭᠤᠯᠬᠤ ᠪᠠᠶᠢᠯᠳᠤᠬᠤ ᠪᠤᠳᠤᠯᠭ᠎ᠠ ᠶᠢ ᠡᠷᠴᠢᠮᠲᠠᠢ ᠬᠡᠷᠡᠭᠵᠢᠭᠦᠯᠵᠦ᠂ ᠬᠢᠩᠭᠠᠨ ᠠᠶᠢᠮᠠᠭ ᠤᠨ ᠳᠤᠲᠤᠷᠭ᠎ᠠ ︽2018 ᠤᠨ ᠤ ᠳᠤᠮᠳᠠᠳᠦ ᠤᠯᠤᠰ ᠤᠨ ᠠᠷᠪᠠᠨ ᠶᠡᠭᠡ ᠳᠤᠲᠤᠷᠭᠠᠨ ᠤᠷᠤᠨ ᠤ ᠨᠡᠶᠢᠲᠡ ᠶᠢᠨ ᠬᠡᠷᠡᠭᠯᠡᠭᠡᠨ ᠤ ᠨᠡᠷᠡᠲᠦ ᠲᠡᠮᠳᠡᠭ ︾ ᠢ ᠬᠦᠷᠲᠡᠵᠦ᠂ ᠲᠢᠶᠠᠨ ᠵᠢᠢ ᠳᠤᠲᠤᠷᠭ᠎ᠠ ︽2018 ᠤᠨ ᠤ ᠳᠤᠮᠳᠠᠳᠦ ᠤᠯᠤᠰ ᠤᠨ ᠠᠷᠪᠠᠨ ᠶᠡᠭᠡ ᠠᠮᠲᠠᠲᠦ ᠳᠤᠲᠤᠷᠭ᠎ᠠ ︾ ᠪᠠᠷ ᠦᠨᠡᠯᠡᠭᠳᠡᠵᠦ᠂ ᠮᠠᠨ ᠤ ᠠᠶᠢᠮᠠᠭ ᠪᠠᠰᠠ ︽ᠦᠪᠦᠷ ᠮᠤᠩᠭᠤᠯ ᠤᠨ ᠴᠢᠨᠠᠷ ᠰᠠᠶᠢᠲᠠᠢ ᠳᠤᠲᠤᠷᠭᠠᠨ ᠨᠤᠲᠤᠭ ︾ ᠭᠡᠮᠡᠬᠦ ᠢᠷᠠᠭᠤ ᠴᠤᠯᠠ ᠶᠢ ᠬᠦᠷᠲᠡᠵᠦ᠂ ᠪᠦᠳᠦᠭᠡᠭᠳᠡᠭᠦᠨ ᠤ ᠪᠤᠷᠤᠯᠠᠭᠤᠯᠭ᠎ᠠ ᠶᠢᠨ ᠲᠤᠤᠷ ᠨᠢ 15 ᠶᠡᠭᠡ ᠳᠤᠮᠳᠠ ᠬᠤᠲᠠ ᠶᠢ ᠪᠦᠷᠬᠦᠵᠦ᠂ ᠳᠤᠲᠤᠷᠭᠠᠨ ᠲᠠᠷᠢᠶᠠᠴᠢᠨ ᠤ ᠬᠦᠮᠦᠨ ᠪᠦᠷᠢ ᠶᠢᠨ ᠤᠷᠤᠯᠭ᠎ᠠ ᠲᠡᠭᠰᠢᠳᠭᠡᠭᠡᠳ 800 ᠲᠦᠭᠦᠷᠢᠭ ᠨᠡᠮᠡᠭᠳᠡᠪᠡ᠃ ᠺᠧ ᠴᠢᠨ ᠸᠠᠨ ᠵᠢᠶᠠ ᠺᠤᠮᠫᠠᠨᠢ ᠦᠪᠡᠷᠲᠡᠭᠡᠨ ᠵᠠᠰᠠᠬᠤ ᠤᠷᠤᠨ ᠤ ᠲᠡᠷᠢᠭᠦᠯᠡᠭᠴᠢ ᠶᠢᠨ ᠶᠠᠰᠦ ᠴᠢᠨᠠᠷ ᠤᠨ ᠱᠠᠩᠨᠠᠯ ᠬᠦᠷᠲᠡᠵᠦ᠂ ᠪᠦᠬᠦ ᠤᠷᠤᠨ ᠳᠤ ᠭᠠᠭᠴᠠ ᠬᠦ 3 ᠠᠵᠦ ᠠᠬᠤᠶᠢᠯᠠᠯ ᠡᠨᠡᠬᠦ ᠢᠷᠠᠭᠤ ᠠᠯᠳᠠᠷ ᠢ ᠲᠤᠰᠪᠠ᠃     — ᠠᠷᠠᠳ ᠤᠨ ᠠᠮᠢᠳᠤᠷᠠᠯ ᠤᠨ ᠪᠤᠶᠠᠨ ᠬᠡᠰᠢᠭ ᠢ ᠨᠡᠮᠡᠭᠳᠡᠭᠦᠯᠵᠦ᠂ ᠦᠨᠳᠦᠰᠦᠲᠡᠨ ᠤ ᠪᠦᠯᠬᠦᠮᠳᠡᠯ ᠪᠠ ᠬᠢᠯᠢ ᠬᠢᠵᠠᠭᠠᠷ ᠤᠷᠤᠨ ᠤ ᠠᠮᠦᠷ ᠲᠤᠭᠲᠠᠭᠤᠨ ᠢ ᠯᠠᠪᠳᠠᠭᠤᠨ ᠪᠠᠲᠤᠲᠠᠢ ᠠᠬᠢᠭᠤᠯᠪᠠ᠃ ᠪᠠᠭ᠎ᠠ ᠬᠡᠮᠵᠢᠶᠡᠨ ᠤ ᠡᠳ᠋ ᠮᠦᠩᠭᠦ ᠪᠠᠷ ᠠᠷᠠᠳ ᠤᠨ ᠠᠮᠢᠳᠤᠷᠠᠯ ᠢ ᠶᠡᠭᠡᠪᠡᠷ ᠰᠠᠶᠢᠵᠢᠷᠠᠭᠤᠯᠬᠤ ᠶᠢ ᠪᠠᠷᠢᠮᠳᠠᠯᠠᠵᠦ᠂ ᠠᠷᠠᠳ ᠤᠨ ᠠᠮᠢᠳᠤᠷᠠᠯ ᠤᠨ ᠭᠤᠤᠯᠳᠠᠯᠭ᠎ᠠ ᠲᠠᠢ ᠪᠡᠯᠡ ᠤᠷᠤᠭᠤᠯᠤᠯᠲᠠ ᠨᠢ ᠤᠷᠤᠨ ᠨᠤᠲᠤᠭ ᠤᠨ ᠡᠳ᠋ ᠤᠨ ᠵᠠᠰᠠᠭ ᠤᠨ ᠵᠠᠷᠤᠯᠭ᠎ᠠ ᠶᠢᠨ 75% ᠠᠴᠠ ᠳᠡᠭᠡᠭᠰᠢ ᠲᠤᠯᠪᠠ᠃ ᠨᠢᠭᠡᠲᠦᠭᠡᠷ ᠲᠤ᠂ ᠦᠢᠯᠡᠰ ᠪᠤᠰᠬᠠᠨ ᠠᠵᠢᠯ ᠤᠯᠭᠤᠬᠤ ᠪᠠ ᠨᠡᠶᠢᠭᠡᠮ ᠤᠨ ᠪᠠᠳᠤᠯᠠᠪᠤᠷᠢ ᠶᠢᠨ ᠬᠢᠷᠢ ᠲᠦᠪᠰᠢᠨ ᠲᠤᠭᠲᠠᠭᠤᠨ ᠢᠶᠠᠷ ᠳᠡᠭᠡᠭᠰᠢᠯᠡᠪᠡ᠃ ᠮᠦᠩᠭᠦᠨ ᠭᠦᠢᠯᠭᠡᠭᠡᠨ ᠢᠶᠠᠷ ᠦᠢᠯᠡᠰ ᠪᠤᠰᠬᠠᠨ ᠠᠵᠢᠯ ᠤᠯᠭᠤᠬᠤ ᠶᠢ ᠳᠡᠳᠭᠦᠨ ᠳᠡᠮᠵᠢᠬᠦ ᠠᠷᠭ᠎ᠠ ᠬᠡᠮᠵᠢᠶ᠎ᠡ ᠳᠤᠭᠳᠠᠭᠠᠵᠤ᠂ ᠦᠢᠯᠡᠰ ᠪᠤᠰᠬᠠᠬᠤ ᠪᠠᠳᠤᠯᠠᠭᠠᠳᠤ ᠵᠢᠭᠡᠯᠡᠯᠭᠡ ᠶᠢ ᠳ᠋ᠦᠩᠰᠢᠭᠤᠷ ᠰᠢᠬᠠᠮ ᠲᠦᠭᠦᠷᠢᠭ ᠵᠤᠬᠢᠴᠠᠭᠤᠯᠤᠨ ᠲᠠᠷᠬᠠᠭᠠᠵᠦ᠂ 4300 ᠭᠠᠷᠤᠢ ᠬᠦᠮᠦᠨ ᠤ ᠦᠢᠯᠡᠰ ᠪᠤᠰᠬᠠᠨ ᠠᠵᠢᠯ ᠤᠯᠬᠤ ᠶᠢ ᠲᠡᠮᠵᠢᠨ ᠲᠠᠶᠢᠴᠢᠯᠠᠵᠠᠢ᠃ ᠬᠤᠲᠠ ᠪᠠᠯᠭᠠᠰᠤᠨ ᠤ 1.5 ᠲᠦᠮᠡᠨ ᠬᠦᠮᠦᠨ ᠰᠢᠨ᠎ᠡ ᠪᠠᠷ ᠠᠵᠢᠯ ᠤᠯᠵᠦ᠂ ᠬᠤᠲᠠ ᠪᠠᠯᠭᠠᠰᠤ ᠶᠢᠨ ᠠᠵᠢᠯ ᠠᠯᠳᠠᠭᠰᠠᠳ ᠤᠨ ᠨᠤᠷᠮ᠎ᠠ ᠶᠢ 4% ᠲᠤᠲᠤᠷ᠎ᠠ ᠬᠢᠵᠠᠭᠠᠷᠯᠠᠪᠠ᠃ ᠮᠠᠯᠵᠢᠬᠤ ᠲᠠᠷᠢᠶᠠᠯᠠᠬᠤ ᠤᠷᠤᠨ ᠤ ᠬᠦᠳᠡᠯᠮᠦᠷᠢ ᠬᠦᠴᠦ ᠶᠢ ᠰᠢᠯᠵᠢᠭᠦᠯᠦᠨ 9 ᠲᠦᠮᠡᠨ ᠬᠦ᠋ᠮᠦᠨ ᠳᠤ ᠠᠵᠢᠯ ᠤᠯᠭᠤᠵᠦ᠂ ︽ᠲᠦᠴᠢᠦᠸᠠᠨ ᠤ ᠭᠠᠩᠨᠠᠭᠤᠷᠴᠢᠨ ︾ ︽ᠬᠢᠩᠭᠠᠨ ᠤ ᠰᠠᠷ᠎ᠠ ᠰᠤᠪᠢᠯᠠᠭᠴᠢ ︾ ᠵᠡᠷᠭᠡ ᠨᠢ ᠦᠪᠡᠷᠲᠡᠭᠡᠨ ᠵᠠᠰᠠᠬᠤ ᠤᠷᠤᠨ ᠤ ᠳᠡᠰ ᠤᠨ ᠠᠵᠢᠯ ᠤᠯᠭᠤᠬᠤ ᠮᠡᠷᠭᠡᠵᠢᠯ ᠤᠨ ᠤᠨᠴᠠᠯᠢᠭ ᠪᠦᠬᠦᠢ ᠪᠤᠯᠪᠠᠰᠤᠷᠠᠯ ᠤᠨ ᠨᠡᠷᠡᠲᠦ ᠳᠡᠮᠳᠡᠭ ᠪᠤᠯᠪᠠ᠃ ︽ᠪᠦᠬᠦ ᠠᠷᠠᠳ ᠢᠶᠠᠷ ᠢᠶᠠᠨ ᠳᠠᠭᠠᠳᠬᠠᠯ ᠳᠤ ᠤᠷᠤᠯᠴᠠᠬᠤ ᠲᠦᠯᠦᠪᠯᠡᠭᠡ ︾ ᠶᠢ ᠭᠦᠨᠵᠡᠭᠡᠢ ᠬᠡᠷᠡᠭᠵᠢᠭᠦᠯᠵᠦ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ᠂ ᠬᠤᠲᠠ ᠬᠦᠳᠡᠭᠡ ᠶᠢᠨ ᠨᠠᠭᠠᠲᠦ ᠵᠠᠬ᠎ᠠ ᠶᠢᠨ ᠠᠮᠢᠳᠤᠷᠠᠯ ᠤᠨ ᠪᠠᠲᠤᠯᠠᠪᠤᠷᠢ ᠶᠢ ᠪᠦᠬᠦᠨ ᠢ ᠪᠦᠷᠭᠦᠭᠦᠯᠬᠦ ᠶᠢ ᠪᠡᠶᠡᠯᠡᠭᠦᠯᠵᠤ᠂ ᠦᠨᠳᠦᠰᠦᠨ ᠨᠠᠰᠤᠵᠢᠯ ᠤᠨ ᠳᠠᠭᠠᠳᠬᠠᠯ᠂ ᠠᠵᠢᠯ ᠠᠯᠳᠠᠬᠤ ᠳᠠᠭᠠᠳᠬᠠᠯ᠂ ᠠᠵᠢᠯ ᠠᠴᠠ ᠪᠤᠯᠤᠭᠰᠠᠨ ᠬᠡᠮᠳᠦᠯ ᠤᠨ ᠳᠠᠭᠠᠳᠬᠠᠯ ᠳᠤ ᠤᠷᠤᠯᠴᠠᠭᠰᠠᠨ ᠨᠤᠷᠮ᠎ᠠ 90% ᠠᠴᠠ ᠳᠡᠭᠡᠭᠰᠢ ᠳᠤ ᠲᠤᠯᠵᠦ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠡᠪᠡᠳᠴᠢᠨ ᠤ ᠲᠦᠷᠦᠯ ᠢᠶᠠᠷ ᠵᠠᠷᠤᠳᠠᠯ ᠲᠤᠰᠢᠶᠠᠬᠤ᠂ ᠡᠮ ᠤᠨ ᠵᠦᠢᠯᠡᠰ ᠢ ᠲᠦᠪᠯᠡᠷᠡᠭᠦᠯᠦᠨ ᠬᠤᠳᠠᠯᠳᠤᠨ ᠠᠪᠬᠤ᠂ ᠡᠮᠨᠡᠯᠭᠡ ᠶᠢᠨ ᠳᠠᠭᠠᠳᠬᠠᠯ ᠤᠨ ᠤᠶᠤᠨᠴᠢ ᠬᠢᠨᠠᠨ ᠡᠵᠡᠮᠰᠢᠯ ᠵᠡᠷᠭᠡ ᠠᠵᠢᠯ ᠨᠢ ᠪᠦᠬᠦ ᠤᠷᠤᠨ ᠤ ᠡᠮᠦᠨᠡᠭᠦᠷ ᠤᠷᠤᠪᠠ᠃ ᠬᠤᠶᠠᠳᠤᠭᠠᠷ ᠲᠤ᠂ ᠨᠡᠶᠢᠭᠡᠮ ᠤᠨ ᠦᠢᠯᠡᠰ ᠪᠦᠬᠦ ᠲᠠᠯ᠎ᠠ ᠪᠠᠷ ᠬᠦᠭᠵᠢᠪᠡ᠃ ᠰᠤᠷᠭᠠᠨ ᠬᠦᠮᠦᠵᠢᠯ ᠤᠨ ᠡᠬᠢ ᠪᠠᠶᠠᠯᠢᠭ ᠤᠨ ᠵᠤᠬᠢᠴᠠᠩᠭᠤᠢ ᠬᠦᠭᠵᠢᠯᠲᠡ ᠶᠢ ᠨᠢᠭᠡᠲᠦᠯᠲᠡᠢ ᠲᠦᠯᠦᠪᠯᠡᠨ ᠠᠬᠢᠭᠤᠯᠵᠦ᠂ ᠰᠤᠷᠬᠤ ᠨᠠᠰᠤᠨ ᠠᠴᠠ ᠡᠮᠦᠨᠡᠬᠢ ᠬᠡᠤᠬᠡᠳ ᠤᠨ ᠴᠡᠴᠡᠷᠯᠢᠭ ᠲᠤ ᠤᠷᠤᠬᠤ ᠨᠤᠷᠮ᠎ᠠ ᠪᠠ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠰᠤᠷᠭᠠᠭᠤᠯᠢ ᠳᠤ ᠤᠷᠤᠬᠤ ᠨᠤᠷᠮ᠎ᠠ ᠶᠢ ᠴᠦᠮ 92% ᠠᠴᠠ ᠳᠡᠭᠡᠭᠰᠢ ᠳᠤ ᠬᠦᠷᠭᠡᠵᠤ᠂ ᠠᠶᠢᠮᠠᠭ ᠤᠨ ᠳᠡᠭᠡᠲᠦ ᠵᠡᠷᠭᠡ ᠶᠢᠨ ᠮᠡᠷᠭᠡᠵᠢᠯ ᠤᠨ ᠠᠵᠢᠯᠴᠢᠨ ᠤ ᠰᠤᠷᠭᠠᠭᠤᠯᠢ ᠨᠢ 45 ᠳ᠋ᠤᠭᠠᠷ ᠬᠤᠭᠤᠴᠠᠭᠠᠨ ᠤ ᠳᠡᠯᠡᠬᠡᠢ ᠶᠢᠨ ᠤᠷ᠎ᠠ ᠮᠡᠷᠭᠡᠵᠢᠯ ᠤᠨ ᠤᠷᠤᠯᠳᠤᠭᠠᠠ ᠤ ᠲᠤᠮᠲᠠᠲᠦ ᠤᠯᠤᠰ ᠳᠠᠬᠢ ᠲᠦᠪᠯᠡᠷᠡᠭᠦᠯᠦᠨ ᠪᠤᠯᠪᠠᠰᠤᠷᠠᠭᠤᠯᠬᠤ ᠰᠠᠭᠤᠷᠢᠨ ᠭᠠᠵᠠᠷ ᠪᠤᠯᠪᠠ᠃ ᠪᠠᠭᠰᠢ ᠶᠢᠨ ᠴᠠᠯᠢᠩ ᠤᠯᠭᠤᠮᠵᠢ ᠶᠢᠨ ᠲᠦᠷᠢᠮ ᠤᠨ ᠦᠭᠡᠷᠡᠴᠢᠯᠡᠯᠲᠡ ᠶᠢ ᠯᠠᠪᠳᠠᠭᠤᠨ ᠪᠠᠲᠦᠲᠠᠢ ᠲᠦᠯᠬᠢᠨ ᠠᠬᠢᠭᠤᠯᠵᠦ᠂ ᠦᠷᠭᠡᠨ ᠤᠯᠠᠨ ᠪᠠᠭᠰᠢ ᠠᠵᠢᠯᠲᠠᠨ ᠤ ᠠᠵᠢᠯ ᠤᠨ ᠢᠳᠡᠪᠬᠢᠵᠢᠯ ᠢ ᠲᠠᠶᠢᠴᠢᠯᠠᠪᠠ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠦᠭᠡᠷᠡᠴᠢᠯᠡᠯᠲᠡ ᠶᠢ ᠦᠷᠬᠦᠯᠵᠢᠯᠡᠨ ᠬᠦᠨᠵᠡᠭᠡᠶᠢᠷᠡᠬᠦᠯᠵᠦ᠂ ᠠᠯᠪᠠᠨ ᠠᠴᠠ ᠪᠠᠶᠢᠭᠤᠯᠤᠭᠰᠠᠨ ᠡᠮᠨᠡᠯᠭᠡ ᠶᠢᠨ ᠬᠤᠷᠢᠶᠠᠨ ᠤ ᠶᠡᠷᠦᠩᠬᠡᠢ ᠦᠭᠡᠷᠡᠴᠢᠯᠡᠯᠲᠡ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠵᠤᠷᠢᠭᠵᠢᠭᠤᠯᠤᠯ ᠬᠦᠬᠢᠭᠦᠯᠦᠯ ᠢ ᠬᠦᠷᠲᠡᠪᠡ᠃ ᠡᠮ ᠤᠨ ᠵᠦᠢᠯ ᠢ ᠬᠤᠳᠠᠯᠳᠤᠨ ᠠᠪᠬᠤ ᠶᠠᠪᠤᠴᠠ ᠨᠡᠩ ᠢᠯᠡ ᠲᠤᠳᠤᠷᠬᠠᠢ ᠪᠤᠯᠵᠦ᠂ ᠬᠤᠳᠠᠯᠳᠤᠨ ᠠᠪᠬᠤ ᠪᠡᠯᠡ ᠮᠦᠩᠬᠦ ᠶᠢ 2 ᠳ᠋ᠦᠩᠰᠢᠭᠤᠷ ᠲᠦᠭᠦᠷᠢᠭ ᠠᠷᠪᠢᠯᠠᠪᠠ᠃ ᠤᠯᠠᠭᠠᠨᠮᠦ᠋ᠴᠢᠷ ᠢ ᠵᠤᠬᠢᠶᠠᠨ ᠪᠠᠶᠢᠭᠤᠯᠵᠦ ᠦᠨᠳᠦᠰᠦᠨ ᠱᠠᠲᠤᠨ ᠤ ᠠᠷᠠᠳ ᠤᠯᠠᠨ ᠳᠤ ᠠᠰᠢᠭ ᠬᠦᠷᠳᠡᠭᠡᠬᠦ ᠲᠤᠭᠯᠠᠯᠲᠠ ᠶᠢ 654 ᠲᠠᠯᠠᠪᠦᠷ ᠭᠠᠷᠭᠠᠵᠤ᠂ ᠪᠦᠬᠦ ᠤᠷᠤᠨ ᠤ ᠲᠦᠮᠡᠨ ᠬᠦᠮᠦᠨ ᠤ ᠠᠭᠤᠳᠠᠮ ᠲᠠᠯᠠᠪᠠᠢ ᠶᠢᠨ ᠪᠦᠵᠢᠭ ᠤᠨ ᠦᠵᠡᠭᠦᠯᠦᠯᠭᠡ ᠵᠡᠷᠭᠡ ᠤᠨᠴᠠᠯᠢᠬᠳᠤ ᠤᠷᠤᠯᠳᠤᠭᠠᠨ ᠤ ᠠᠵᠢᠯᠯᠠᠭ᠎ᠠ ᠶᠢ ᠳᠠᠭᠠᠭᠠᠴᠢᠯᠡᠨ ᠡᠷᠭᠢᠯᠡᠵᠤ᠂ ᠪᠦᠬᠦ ᠤᠷᠤᠨ ᠤ ᠠᠷᠪᠠᠨ ᠲᠦᠷᠪᠡᠳᠦᠭᠡᠷ ᠬᠤᠭᠤᠴᠠᠭᠠᠨ ᠤ ᠪᠡᠶ᠎ᠡ ᠶᠢᠨ ᠲᠠᠮᠢᠷ ᠤᠨ ᠴᠤᠭᠯᠠᠭᠠᠨ ᠳᠤ ᠤᠷᠤᠯᠴᠠᠭᠰᠠᠨ ᠪᠦᠭᠡᠳ ᠲᠡᠥᠬᠡ ᠶᠢᠨ ᠬᠠᠮᠤᠭ ᠰᠠᠶᠢᠨ ᠬᠢᠷᠢ ᠪᠦᠲᠦᠮᠵᠢ ᠶᠢ ᠡᠭᠦᠳᠴᠠᠢ᠃ ᠭᠤᠷᠪᠠᠳᠤᠭᠠᠷ ᠲᠤ᠂ ᠬᠤᠲᠠ ᠶᠢᠨ ᠴᠢᠳᠠᠮᠵᠢ ᠡᠲᠦᠷ ᠢᠷᠡᠬᠦᠶ᠎ᠡ ᠲᠡᠭᠦᠯᠳᠡᠷᠵᠢᠪᠡ᠃ ᠠᠵᠢᠯᠯᠠᠵᠦ ᠠᠮᠢᠳᠤᠷᠠᠬᠤ ᠳᠤ ᠲᠤᠬᠢᠷᠠᠮᠵᠢᠲᠠᠢ ᠤᠳᠤᠬᠢᠴᠢᠯᠠᠭᠰᠠᠨ ᠠᠮᠢ ᠠᠬᠤᠢ ᠶᠢᠨ ᠬᠤᠲᠠ ᠶᠢ ᠪᠦᠲᠦᠭᠡᠨ ᠪᠠᠶᠢᠭᠤᠯᠬᠤ ᠲᠠᠢ ᠤᠶᠠᠯᠳᠤᠭᠤᠯᠵᠤ᠂ ︽ᠠᠮᠢ ᠠᠬᠤᠢ ᠶᠢ ᠰᠡᠷᠭᠦᠭᠡᠬᠦ᠂ ᠬᠤᠲᠠ ᠶᠢᠨ ᠳᠤᠨᠤᠭ ᠲᠦᠭᠦᠭᠡᠷᠦᠮᠵᠢ ᠶᠢ ᠳᠡᠭᠦᠯᠳᠡᠷᠵᠢᠭᠦᠯᠬᠦ ︾ ᠭᠤᠤᠯᠳᠠᠯᠭ᠎ᠠ ᠲᠠᠢ ᠪᠦᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠢ 69 ᠬᠡᠷᠡᠭᠵᠢᠭᠦᠯᠵᠤ᠂ ︽ᠨᠢᠭᠡ ᠠᠭᠤᠯᠠ ᠬᠤᠶᠠᠷ ᠭᠤᠤᠯ ︾ ᠢ ᠵᠠᠰᠠᠨ ᠰᠡᠷᠭᠦᠭᠡᠬᠦ ᠠᠵᠢᠯ ᠢ ᠪᠦᠬᠦ ᠲᠠᠯ᠎ᠠ ᠪᠠᠷ ᠪᠡᠶᠡᠯᠡᠭᠦᠯᠪᠡ᠃ ᠭᠡᠷ ᠭᠠᠵᠠᠷ ᠤᠨ ᠬᠦᠷᠦᠩᠭᠡ ᠶᠢᠨ ᠵᠠᠬ᠎ᠠ ᠳᠡᠯᠭᠡᠭᠦᠷ ᠤᠨ ᠲᠤᠭᠲᠠᠭᠤᠨ ᠪᠦᠭᠡᠳ ᠡᠷᠡᠭᠦᠯ ᠢᠶᠠᠷ ᠬᠦᠭᠵᠢᠬᠦ ᠶᠢ ᠠᠬᠢᠭᠤᠯᠵᠦ᠂ ᠬᠤᠲᠠ ᠶᠢᠨ ᠳᠦᠭᠦᠮ ᠪᠦᠲᠦᠴᠡᠲᠦ ᠤᠷᠤᠨ ᠰᠠᠭᠤᠴᠠ ᠶᠢ 3400 ᠢᠵᠢ ᠦᠭᠡᠷᠡᠴᠢᠯᠡᠵᠤ᠂ ᠬᠦᠳᠡᠭᠡ ᠳᠤᠰᠬᠤᠨ ᠮᠠᠯᠵᠢᠬᠤ ᠤᠷᠤᠨ ᠤ ᠨᠤᠷᠠᠬᠤ ᠠᠶᠤᠯᠲᠠᠢ ᠭᠡᠷ ᠪᠠᠶᠢᠰᠢᠩ ᠢ 17635 ᠢᠵᠢ ᠦᠭᠡᠷᠡᠴᠢᠯᠡᠨ ᠰᠢᠨᠡᠳᠭᠡᠵᠦ᠂ ᠬᠤᠲᠠ ᠬᠦᠳᠡᠭᠡ ᠶᠢᠨ ᠤᠯᠠᠨ ᠲᠦᠮᠡᠨ ᠤ ︽ᠠᠮᠤᠭᠤᠯᠠᠩ ᠰᠠᠭᠤᠴᠠ ᠶᠢᠨ ᠬᠦᠰᠡᠯ ᠵᠡᠬᠦᠲᠦ ︾ ᠶᠢ ᠳᠡᠷᠭᠡᠯᠰᠢᠭᠦᠯᠪᠡ᠃ ᠲᠦᠷᠪᠡᠲᠦᠭᠡᠷ ᠲᠤ᠂ ᠦᠨᠳᠦᠰᠦᠲᠡᠨ ᠤ ᠪᠦᠯᠬᠦᠮᠳᠡᠯ ᠦᠷᠬᠦᠯᠵᠢᠯᠡᠨ ᠪᠠᠳᠤᠵᠢᠪᠠ᠃ ︽ᠲᠠᠪᠤᠨ ᠨᠢᠭᠡ ᠠᠵᠢᠯᠯᠠᠭᠠᠨ ᠤ ᠲᠦᠯᠦᠪᠯᠡᠭᠡ ︾ ᠶᠢ ᠡᠷᠴᠢᠮᠲᠡᠢ ᠬᠡᠷᠡᠭᠵᠢᠭᠦᠯᠵᠦ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠡᠭᠦᠳᠦᠨ ᠪᠠᠶᠢᠭᠤᠯᠤᠭᠰᠠᠨ ᠦᠷ᠎ᠡ ᠪᠦᠲᠦᠭᠡᠯ ᠢᠶᠠᠨ ᠪᠠᠬᠢᠵᠢᠭᠦᠯᠦᠨ ᠳᠡᠭᠡᠭᠰᠢᠯᠡᠭᠦᠯᠵᠦ᠂ ︽ᠠᠨᠳᠠ ᠶᠢᠨ ᠨᠠᠶᠢᠷ ︾᠂ ᠬᠢᠩᠭᠠᠨ ᠠᠶᠢᠮᠠᠭ ᠤᠨ ᠨᠠᠭᠠᠳᠤᠮ ᠤᠨ ᠬᠤᠷᠠᠯ ᠵᠡᠷᠭᠡ ᠵᠠᠭᠤ ᠭᠠᠷᠤᠢ ᠬᠦᠳᠡᠯᠭᠡᠭᠡᠨ ᠢ ᠡᠷᠬᠢᠯᠡᠨ ᠶᠠᠪᠤᠭᠳᠠᠭᠤᠯᠵᠤ᠂ ᠭᠡᠭᠡᠨᠰᠦ᠋ᠮ᠎ᠡ᠂ ᠤᠯᠠᠭᠠᠨᠮᠤᠲᠦ ᠵᠡᠷᠭᠡ ᠨᠢᠭᠡ ᠪᠦᠯᠦᠭ ᠤᠨᠴᠠᠯᠢᠬᠳᠤ ᠵᠢᠵᠢᠭ ᠪᠠᠯᠭᠠᠰᠦ ᠶᠢ ᠲᠦᠷᠭᠡᠪᠴᠢᠯᠡᠨ ᠪᠠᠶᠢᠭᠤᠯᠪᠠ᠃ ᠲᠠᠪᠤᠳᠤᠭᠠᠷ ᠲᠤ᠂ ᠨᠡᠶᠢᠭᠡᠮ ᠤᠨ ᠪᠦᠬᠦ ᠲᠠᠯ᠎ᠠ ᠶᠢᠨ ᠲᠤᠭᠲᠠᠭᠤᠨ ᠪᠠᠶᠢᠳᠠᠯ ᠢ ᠪᠠᠲᠦᠯᠠᠪᠠ᠃ ︽ᠬᠠᠶᠢᠷ᠎ᠠ ᠰᠡᠳᠭᠢᠯᠭᠡ᠂ ᠠᠵᠢᠯ ᠦᠢᠯᠡᠰ᠂ ᠬᠦᠯᠦᠰᠦ ᠤᠯᠭᠤᠮᠵᠢ ᠶᠢ ᠨᠢᠭᠡ ᠴᠤᠭᠴᠠᠵᠢᠭᠤᠯᠤᠭᠰᠠᠨ ︾ ᠠᠶᠤᠯᠬᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠰᠢᠰᠲ᠋ᠧᠮ ᠢ ᠪᠦᠷᠢᠨᠰᠢᠬᠦᠯᠦᠨ ᠳᠡᠭᠦᠯᠳᠡᠷᠵᠢᠭᠦᠯᠵᠦ᠂ ᠠᠮᠦᠷ ᠲᠦᠪᠰᠢᠨ ᠤ ᠡ᠊ ᠨᠳᠡᠯ ᠭᠠᠷᠬᠤ ᠲᠤᠭ᠎ᠠ᠂ ᠡ᠊ ᠨᠳᠡᠭᠰᠡᠨ ᠬᠦᠮᠦᠨ ᠤ ᠲᠤᠭ᠎ᠠ ᠶᠢ ᠲᠤᠰ ᠲᠤᠰ 29% ᠪᠠ 14% ᠪᠠᠷ ᠲᠤᠷᠤᠭᠰᠢᠯᠠᠭᠤᠯᠪᠠ᠃ ᠬᠠᠷ᠎ᠠ ᠪᠦᠯᠦᠭᠲᠡᠨ ᠬᠠᠷᠬᠢᠰ ᠬᠦᠴᠦᠨ ᠢ ᠠᠷᠢᠯᠭᠠᠬᠤ ᠲᠤᠰᠬᠠᠢ ᠳᠡᠮᠡᠴᠡᠯ ᠪᠠ ᠨᠡᠶᠢᠭᠡᠮ ᠤᠨ ᠵᠦᠷᠢᠴᠡᠯ ᠢ ᠪᠠᠶᠢᠴᠠᠭᠠᠨ ᠰᠢᠢᠳᠪᠦᠷᠢᠯᠡᠬᠦ᠂ ᠵᠠᠬᠢᠳᠠᠯ ᠰᠤᠷᠪᠤᠯᠵᠢᠯᠠᠭ᠎ᠠ ᠶᠢᠨ ᠬᠤᠷᠠᠮᠳᠤᠭᠰᠠᠨ ᠬᠡᠷᠡᠭ ᠢ ᠰᠢᠢᠳᠪᠦᠷᠢᠯᠡᠬᠦ᠂ ᠫᠤᠤ ᠵᠡᠪᠰᠡᠭ ᠳᠡᠯᠪᠡᠷᠡᠮᠡᠲᠡᠭᠡᠢ ᠡᠳ᠋ ᠠᠪᠴᠤ ᠶᠠᠪᠤᠬᠤ ᠵᠡᠷᠭᠡ ᠬᠠᠥᠯᠢ ᠶᠢ ᠵᠦᠷᠢᠴᠡᠭᠰᠡᠨ ᠶᠠᠯᠠᠲᠦ ᠠᠵᠢᠯᠯᠠᠭ᠎ᠠ ᠳᠤ ᠴᠤᠬᠢᠯᠲᠠ ᠦᠭᠬᠦ ᠲᠤᠰᠬᠠᠢ ᠠᠵᠢᠯᠯᠠᠭ᠎ᠠ ᠶᠢ ᠭᠦᠨᠵᠡᠭᠡᠢ ᠦᠷᠨᠢᠭᠦᠯᠵᠦ᠂ ᠴᠡᠷᠢᠭ ᠤᠨ ᠠᠯᠪᠠ ᠠᠴᠠ ᠪᠠᠭᠤᠭᠰᠠᠳ ᠢ ᠲᠦᠪᠬᠢᠨᠡᠭᠦᠯᠬᠦ ᠲᠦᠷᠦ ᠶᠢᠨ ᠪᠤᠳᠤᠯᠭ᠎ᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠦ᠂ ᠪᠦᠬᠦ ᠠᠶᠢᠮᠠᠭ ᠤᠨ ᠵᠠᠬᠢᠳᠠᠯ ᠰᠤᠷᠪᠤᠯᠵᠢᠯᠠᠭ᠎ᠠ ᠶᠢᠨ ᠶᠡᠷᠦᠩᠬᠡᠢ ᠲᠤᠭ᠎ᠠ ᠪᠠ ᠡᠷᠡᠭᠦᠦ ᠶᠢᠨ ᠬᠡᠷᠡᠭ ᠭᠠᠷᠬᠤ ᠨᠤᠷᠮ᠎ᠠ ᠶᠢ ᠲᠤᠤᠱᠲᠠᠢ ᠪᠠᠭᠤᠷᠠᠭᠤᠯᠪᠠ᠃     — ᠬᠤᠳᠠᠯᠳᠤᠭ᠎ᠠ ᠡᠵᠡᠩᠨᠡᠬᠦ ᠤᠷᠴᠢᠨ ᠳᠤᠭᠤᠷᠢᠨ ᠢ ᠤᠶᠤᠨ ᠢᠶᠠᠨ ᠲᠦᠪᠯᠡᠷᠡᠭᠦᠯᠦᠨ ᠰᠢᠯᠢᠳᠡᠭᠵᠢᠭᠦᠯᠵᠤ᠂ ᠵᠠᠬ᠎ᠠ ᠲᠡᠯᠭᠡᠬᠦᠷᠴᠢᠯᠡᠯᠳᠡ ᠶᠢᠨ ᠦᠭᠡᠷᠡᠴᠢᠯᠡᠯᠲᠡ ᠪᠠ ᠦᠨᠳᠦᠷ ᠬᠢᠷᠢ ᠲᠦᠪᠰᠢᠨ ᠪᠦᠬᠦᠢ ᠨᠡᠭᠡᠭᠡᠯᠲᠡ ᠶᠢ ᠯᠠᠪᠳᠠᠭᠤᠨ ᠪᠠᠲᠤᠲᠠᠢ ᠲᠦᠯᠬᠢᠨ ᠠᠬᠢᠭᠤᠯᠪᠠ᠃ ᠨᠢᠭᠡ ᠳᠤ᠂ ᠭᠤᠤᠯᠳᠠᠯᠭ᠎ᠠ ᠲᠠᠢ ᠬᠦᠷᠢᠶ᠎ᠡ ᠴᠠᠷᠠᠭᠠᠨ ᠳᠠᠬᠢ ᠦᠭᠡᠷᠡᠴᠢᠯᠡᠯᠲᠡ ᠶᠢ ᠲᠦᠷᠭᠡᠨ ᠪᠦᠭᠡᠳ ᠯᠠᠪᠳᠠᠭᠤᠨ ᠪᠠᠲᠤᠲᠠᠢ ᠠᠬᠢᠭᠤᠯᠪᠠ᠃ ︽ᠲᠠᠯᠪᠢᠬᠤ ᠬᠠᠮᠢᠶᠠᠷᠬᠤ ᠦᠢᠯᠡᠴᠢᠯᠡᠬᠦ ︾ ᠦᠭᠡᠷᠡᠴᠢᠯᠡᠯᠲᠡ ᠶᠢ ᠳᠤᠪᠤᠶᠢᠮ᠎ᠠ ᠴᠢᠩᠭ᠎ᠠ ᠠᠳᠬᠤᠵᠦ᠂ ᠵᠠᠰᠠᠭ ᠵᠠᠬᠢᠷᠭᠠᠨ ᠤ ᠡᠷᠬᠡ ᠶᠢᠨ ᠵᠠᠭᠤᠴᠢ ᠦᠢᠯᠡᠴᠢᠯᠡᠭᠡᠨ ᠳᠤ ᠴᠡᠭᠴᠡᠯᠡᠯᠳᠡ ᠬᠢᠵᠤ᠂ ︽ᠬᠡᠷᠡᠴᠢ ᠦᠨᠡᠮᠯᠡᠯ ᠢ ᠴᠦᠭᠡᠳᠭᠡᠵᠤ ᠠᠷᠠᠳ ᠲᠤ ᠳᠦᠬᠦᠮ ᠦᠵᠡᠭᠦᠯᠬᠦ ︾ ᠲᠤᠰᠬᠠᠢ ᠠᠵᠢᠯᠯᠠᠭ᠎ᠠ ᠶᠢ ᠬᠦᠨᠵᠡᠭᠡᠢ ᠦᠷᠨᠢᠭᠦᠯᠪᠡ᠃ ︽ᠬᠢᠨᠠᠯᠳᠠ ᠬᠠᠮᠢᠶᠠᠷᠤᠯᠳᠠ ᠶᠢᠨ ᠶᠠᠪᠤᠴᠠ ᠳᠤ ᠪᠠᠶᠢᠴᠠᠭᠠᠬᠳᠠᠬᠤ ᠡᠳᠡᠭᠡᠳ ᠢ ᠲᠤᠭᠳᠠᠭᠰᠠᠨ ᠴᠠᠭ ᠬᠤᠭᠤᠴᠠᠭ᠎ᠠ ᠦᠭᠡᠢ ᠪᠠᠷ ᠰᠤᠭᠤᠴᠢᠨ ᠪᠠᠶᠢᠴᠠᠭᠠᠵᠤ᠂ ᠬᠠᠤᠯᠢ ᠬᠡᠷᠡᠭᠵᠢᠭᠦᠯᠬᠦ ᠬᠦᠮᠦᠰ ᠢ ᠲᠤᠭᠳᠠᠭᠰᠠᠨ ᠴᠠᠭ ᠬᠤᠭᠤᠴᠠᠭ᠎ᠠ ᠦᠭᠡᠢ ᠪᠠᠷ ᠲᠤᠮᠢᠯᠠᠵᠤ ᠪᠠᠶᠢᠴᠠᠭᠠᠯᠭᠠᠨ᠂ ᠪᠠᠶᠢᠴᠠᠭᠠᠬᠰᠠᠨ ᠪᠠᠶᠢᠳᠡᠯ ᠵᠢᠴᠢ ᠪᠠᠶᠢᠴᠠᠭᠠᠬᠰᠠᠨ ᠦᠷ᠎ᠠ ᠳ᠋ᠦᠩ ᠢ ᠨᠡᠶᠢᠭᠡᠮ ᠲᠡᠭᠡᠷ᠎ᠠ ᠢᠯᠡ ᠨᠡᠶᠢᠳᠡᠯᠡᠬᠦ ︾ ᠶᠢ ᠢᠳᠡᠪᠬᠢᠲᠡᠢ ᠲᠦᠯᠬᠢᠨ ᠠᠬᠢᠭᠤᠯᠵᠦ᠂ ︽ᠵᠠᠬ᠎ᠠ ᠲᠡᠯᠭᠡᠬᠦᠷ ᠤᠨ ᠭᠤᠤᠯ ᠴᠤᠭᠴᠠ ᠶᠢᠨ ᠨᠡᠷᠡᠰ ᠤᠨ ᠬᠦᠮᠦᠷᠭᠡ᠂ ᠬᠠᠤᠯᠢ ᠬᠡᠷᠡᠭᠵᠢᠭᠦᠯᠵᠤ ᠪᠠᠶᠢᠴᠠᠭᠠᠬᠤ ᠬᠦᠮᠦᠰ ᠤᠨ ᠨᠡᠷᠡᠰ ᠤᠨ ᠬᠦᠮᠦᠷᠭᠡ ᠵᠢᠴᠢ ᠬᠢᠨᠠᠯᠳᠠ ᠬᠠᠮᠢᠶᠠᠷᠤᠯᠳᠠ ᠶᠢᠨ ᠶᠠᠪᠤᠴᠠ ᠳᠤ ᠪᠠᠶᠢᠴᠠᠭᠠᠬᠳᠠᠬᠤ ᠡᠳᠡᠭᠡᠳ ᠢ ᠲᠤᠭᠳᠠᠭᠰᠠᠨ ᠴᠠᠭ ᠬᠤᠭᠤᠴᠠᠭ᠎ᠠ ᠦᠭᠡᠢ ᠪᠠᠷ ᠰᠤᠭᠤᠴᠢᠨ ᠪᠠᠶᠢᠴᠠᠭᠠᠵᠤ᠂ ᠬᠠᠤᠯᠢ ᠬᠡᠷᠡᠭᠵᠢᠭᠦᠯᠬᠦ ᠬᠦᠮᠦᠰ ᠢ ᠲᠤᠭᠳᠠᠭᠰᠠᠨ ᠴᠠᠭ ᠬᠤᠭᠤᠴᠠᠭ᠎ᠠ ᠦᠭᠡᠢ ᠪᠠᠷ ᠲᠤᠮᠢᠯᠠᠵᠤ ᠪᠠᠶᠢᠴᠠᠭᠠᠬᠤ ᠠᠵᠢᠯ ᠤᠨ ᠲᠦᠷᠢᠮ ︾ ᠢ ᠪᠠᠶᠢᠭᠤᠯᠪᠠ᠃ ︽ᠢᠨᠲ᠋ᠧᠷ ᠰᠦᠯᠵᠢᠶ᠎ᠡ + ᠵᠠᠰᠠᠭ ᠤᠨ ᠶᠠᠪᠤᠳᠠᠯ ᠤᠨ ᠦᠢᠯᠡᠴᠢᠯᠡᠭᠡ ︾ ᠶᠢ ᠲᠦᠯᠬᠢᠨ ᠠᠬᠢᠭᠤᠯᠵᠦ᠂ ᠬᠢᠨᠠᠨ ᠵᠦᠪᠰᠢᠶᠠᠷᠡᠬᠦ ᠶᠡᠭᠡ ᠲᠢᠩᠭᠢᠮ ᠤᠨ 75 ᠪᠠᠶᠢᠭᠤᠯᠭ᠎ᠠ ᠨᠢᠭᠡᠴᠡ ᠶᠢ ᠪᠦᠷᠬᠦᠭᠰᠡᠨ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯ ᠤᠨ ᠰᠦᠯᠵᠢᠶᠡᠨ ᠳᠠᠬᠢ ᠦᠢᠯᠡᠴᠢᠯᠡᠭᠡᠨ ᠤ ᠲᠠᠪᠴᠠᠩ ᠢ ᠵᠢᠩᠬᠢᠨᠢ ᠪᠠᠷ ᠠᠰᠢᠭᠯᠠᠯᠳᠠ ᠳᠤ ᠤᠷᠤᠭᠤᠯᠵᠦ᠂ 129 ᠲᠦᠷᠦᠯ ᠲᠡᠭᠡᠷ᠎ᠠ ︽ᠬᠠᠮᠤᠭ ᠢᠯᠡᠭᠦᠦ ᠳᠡᠭᠡᠨ ᠨᠢᠭᠡ ᠤᠳᠠᠭ᠎ᠠ ᠭᠦᠶᠦᠬᠦ ︾ ᠬᠡᠷᠡᠭ ᠤᠴᠢᠷ ᠤᠨ ᠨᠠᠷᠢᠨ ᠳᠠᠩᠰᠠ ᠶᠢ ᠨᠡᠶᠢᠭᠡᠮ ᠳᠤ ᠢᠯᠡ ᠨᠡᠶᠢᠲᠡᠯᠡᠪᠡ᠃ ᠬᠦᠳᠡᠭᠡ ᠳᠤᠰᠬᠤᠨ ᠮᠠᠯᠵᠢᠬᠤ ᠤᠷᠤᠨ ᠤ ︽ᠭᠠᠵᠠᠷ ᠰᠢᠷᠤᠢ ᠶᠢᠨ ᠨᠡᠶᠢᠳᠡ ᠶᠢᠨ ᠦᠮᠴᠢᠯᠡᠬᠦ ᠡᠷᠭᠡ᠂ ᠲᠠᠷᠢᠶᠠᠴᠢᠨ ᠡᠷᠦᠭᠡ ᠶᠢᠨ ᠲᠠᠭᠠᠭᠠᠴᠢᠯᠠᠬᠤ ᠡᠷᠭᠡ᠂ ᠭᠠᠵᠠᠷ ᠰᠢᠷᠤᠢ ᠶᠢᠨ ᠡᠵᠡᠩᠨᠡᠯᠳᠡ ᠶᠢᠨ ᠡᠷᠭᠡ ᠶᠢ ᠰᠠᠯᠭᠠᠬᠤ ︾ ᠵᠡᠷᠭᠡ ᠲᠦᠷᠢᠮ ᠤᠨ ᠦᠭᠡᠷᠡᠴᠢᠯᠡᠯᠲᠡ ᠤᠯᠠᠨ ᠲᠠᠯ᠎ᠠ ᠪᠠᠷ ᠰᠢᠪᠲᠤᠯᠤᠯᠲᠠ ᠲᠠᠢ ᠪᠤᠯᠵᠦ᠂ ᠤᠯᠤᠰ ᠤᠨ ᠦᠮᠴᠢᠯᠡᠯ ᠤᠨ ᠤᠢ ᠰᠢᠭᠤᠢ ᠶᠢᠨ ᠳᠠᠯᠠᠪᠠᠢ᠂ ᠲᠠᠷᠢᠶᠠᠯᠠᠩ ᠤᠨ ᠠᠳᠠᠷ ᠬᠠᠭᠠᠯᠪᠤᠷᠢᠯᠠᠯᠲᠠ ᠶᠢᠨ ᠦᠭᠡᠷᠡᠴᠢᠯᠡᠯᠲᠡ ᠶᠢ ᠲᠤᠭᠲᠠᠭᠤᠨ ᠢᠶᠠᠷ ᠬᠡᠷᠡᠭᠵᠢᠭᠦᠯᠪᠡ᠃ ᠬᠤᠶᠠᠳᠤᠭᠠᠷ ᠲᠤ᠂ ᠨᠡᠭᠡᠭᠡᠯᠲᠡ ᠬᠢᠵᠤ ᠬᠠᠮᠵᠢᠯᠴᠠᠬᠤ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠪᠡ᠃ ᠷᠠᠰᠢᠶᠠᠨ ᠪᠤᠭᠤᠮᠳᠠ ᠶᠢᠨ ᠪᠠᠲᠤᠯᠠᠪᠤᠷᠢ ᠭᠠᠶᠢᠯᠢ ᠶᠢᠨ ᠰᠠᠩ ᠬᠦᠮᠦᠷᠭᠡ ᠶᠢᠨ ᠨᠢᠭᠡᠲᠦᠭᠡᠷ ᠬᠤᠭᠤᠴᠠᠭᠠᠨ ᠤ ᠪᠠᠷᠢᠯᠭ᠎ᠠ ᠪᠦᠬᠦ ᠲᠠᠯ᠎ᠠ ᠪᠠᠷ ᠠᠵᠢᠯ ᠳᠠᠭᠤᠰᠴᠦ᠂ ᠲᠠᠷᠢᠶᠠᠯᠠᠩ ᠤᠨ ᠪᠦᠲᠦᠭᠡᠭᠳᠡᠭᠦᠨ ᠮᠠᠯ ᠤᠨ ᠠᠰᠢᠭ ᠰᠢᠮ᠎ᠡ ᠶᠢᠨ ᠦᠢᠯᠡᠳᠭᠦᠨ ᠢ ᠪᠠᠶᠢᠴᠠᠭᠠᠨ ᠰᠢᠯᠭᠠᠬᠤ ᠲᠦᠪ ᠪᠠ ᠭᠠᠳᠠᠭᠠᠲᠦ ᠠᠴᠠ ᠤᠷᠤᠭᠤᠯᠤᠭᠰᠠᠨ ᠭᠠᠶᠢᠯᠢ ᠬᠤᠷᠢᠶᠠᠬᠤ ᠦᠭᠡᠢ ᠪᠠᠷᠠᠭᠠᠨ ᠤ ᠳᠡᠯᠭᠡᠭᠦᠷ ᠠᠰᠢᠭᠯᠠᠯᠲᠠ ᠳᠤ ᠤᠷᠤᠪᠠ᠃ ᠲᠤᠮᠲᠠᠲᠦ ᠮᠤᠩᠭᠤᠯ ᠤᠷᠤᠰ ᠤᠨ ᠪᠤᠬᠢᠷᠲᠤᠯ ᠦᠭᠡᠢ ᠪᠦᠲᠦᠭᠡᠭᠳᠡᠭᠦᠨ ᠤ ᠦᠵᠡᠰᠭᠦᠯᠡᠩ᠂ ᠤᠯᠠᠭᠠᠨᠪᠠᠭᠠᠲᠤᠷ ᠲᠠᠬᠢ ᠦᠪᠦᠷ ᠮᠤᠩᠭᠤᠯ ᠤᠨ ᠲᠠᠸᠠᠷ ᠤᠨ ᠳᠡᠯᠭᠡᠨ ᠦᠵᠡᠭᠦᠯᠦᠯᠭᠡ ᠵᠡᠷᠭᠡ ᠠᠵᠦ ᠠᠬᠤᠢ ᠠᠷᠠᠯᠵᠢᠶᠠᠨ ᠤ ᠵᠦᠪᠳᠡᠯᠴᠡᠭᠡᠨ ᠤ ᠠᠵᠢᠯᠯᠠᠭ᠎ᠠ ᠶᠢ ᠵᠤᠬᠢᠶᠠᠨ ᠪᠠᠶᠢᠭᠤᠯᠬᠤ ᠶᠢᠨ ᠬᠠᠮᠳᠤ ᠠᠵᠢᠯᠯᠠᠭ᠎ᠠ ᠳᠤ ᠤᠷᠤᠯᠴᠠᠪᠠ᠃ ᠤᠷᠤᠨ ᠪᠦᠰᠡ ᠶᠢᠨ ᠬᠠᠮᠳᠤᠷᠠᠯᠴᠠᠭ᠎ᠠ ᠪᠠ ᠬᠤᠳᠠᠯᠳᠤᠭᠠᠴᠢᠨ ᠤᠷᠢᠵᠦ ᠪᠡᠯᠡ ᠤᠷᠤᠭᠤᠯᠬᠤ ᠶᠢ ᠪᠦᠬᠦ ᠲᠠᠯ᠎ᠠ ᠪᠠᠷ ᠴᠢᠩᠭᠠᠳᠬᠠᠵᠦ᠂ ᠪᠠᠶᠢᠴᠧᠩ᠂ ᠰᠦᠩᠶᠤᠸᠠᠨ᠂ ᠴᠢᠴᠢᠬᠠᠷ ᠵᠡᠷᠭᠡ ᠭᠠᠵᠠᠷ ᠤᠷᠤᠨ᠂ ᠤᠷᠤᠨ ᠬᠡᠪᠴᠢᠶ᠎ᠠ ᠪᠠᠷ ᠢᠶᠠᠨ ᠬᠠᠮᠵᠢᠯᠴᠠᠨ ᠬᠦᠭᠵᠢᠬᠦ ᠲᠤᠭᠲᠠᠴᠠ ᠶᠢ ᠪᠠᠶᠢᠭᠤᠯᠵᠦ᠂ ᠪᠦᠬᠦ ᠵᠢᠯ ᠳᠤ ᠬᠤᠳᠠᠯᠳᠤᠭᠠᠴᠢᠨ ᠤᠷᠢᠬᠤ ᠲᠦᠷᠦᠯ ᠵᠦᠢᠯ ᠤᠨ ᠭᠡᠷ᠎ᠡ ᠶᠢ 129 ᠬᠤᠪᠢ ᠲᠤᠭᠲᠠᠵᠦ᠂ ᠶᠡᠷᠦᠩᠬᠡᠢ ᠪᠡᠯᠡ ᠤᠷᠤᠭᠤᠯᠤᠯᠳᠠ ᠶᠢᠨ ᠬᠡᠮᠵᠢᠶ᠎ᠠ ᠶᠢ 183 ᠳ᠋ᠦᠩᠰᠢᠭᠤᠷ ᠲᠦᠭᠦᠷᠢᠭ ᠲᠤ ᠲᠤᠯᠭᠠᠪᠠ᠃     ᠠᠮᠵᠢᠯᠲᠠ ᠪᠦᠲᠦᠮᠵᠢ ᠪᠠᠨ ᠭᠦᠢᠴᠡᠳ ᠨᠤᠲᠠᠯᠠᠬᠤ ᠶᠢᠨ ᠬᠠᠮᠲᠦ᠂ ᠪᠢᠲᠡ ᠤᠳᠤᠬᠠᠨ ᠤ ᠠᠵᠦ ᠠᠬᠤᠢ ᠶᠢᠨ ᠠᠵᠢᠯᠯᠠᠭᠠᠨ ᠤ ᠲᠤᠭᠲᠠᠭᠤᠨ ᠤ ᠲᠤᠮᠲᠠ ᠬᠤᠪᠢᠷᠠᠯᠲᠠ ᠲᠠᠢ᠂ ᠬᠤᠪᠢᠷᠠᠯᠲᠠ ᠶᠢᠨ ᠲᠤᠮᠲᠠ ᠵᠤᠪᠠᠭᠤᠷᠢ ᠲᠠᠢ ᠪᠠᠶᠢᠬᠤ ᠶᠢ ᠤᠯᠵᠦ ᠬᠠᠷᠠᠬᠤ ᠬᠡᠷᠡᠭᠲᠡᠢ᠃ ᠲᠡᠭᠦᠨ ᠤ ᠭᠤᠤᠯ ᠢᠯᠡᠷᠡᠯ ᠭᠡᠪᠡᠯ᠄ ᠠᠵᠦ ᠦᠢᠯᠡᠰ ᠤᠨ ᠳᠡᠰ ᠳᠠᠪᠬᠤᠷᠭ᠎ᠠ ᠲᠤᠤᠷ᠎ᠠ᠂ ᠬᠡᠪᠴᠢᠶ᠎ᠡ ᠨᠢ ᠪᠠᠭ᠎ᠠ᠂ ᠪᠦᠲᠦᠴᠡ ᠨᠢ ᠰᠢᠯᠢᠳᠡᠭ ᠪᠤᠰᠦ᠂ ᠠᠭᠤᠰᠤᠯᠴᠠᠯ ᠤᠨ ᠬᠡᠮᠵᠢᠶ᠎ᠡ ᠨᠢ ᠦᠨᠳᠦᠷ ᠪᠢᠰᠢ᠂ ᠬᠦᠲᠦᠯᠦᠨ ᠳᠠᠭᠠᠭᠤᠯᠬᠤ ᠬᠦᠴᠦᠨ ᠴᠢᠩᠭ᠎ᠠ ᠪᠢᠰᠢ᠂ ᠳᠠᠭᠠᠭᠤᠯᠤᠭᠴᠢ ᠠᠵᠦ ᠠᠬᠤᠶᠢᠯᠠᠯ ᠤᠨ ᠳᠠᠶᠢᠴᠢᠯᠠᠯ ᠲᠤᠲᠠᠭᠳᠠᠵᠦ᠂ ᠤᠷᠤᠨ ᠲᠤᠭᠤᠷᠢᠭ ᠤᠨ ᠲᠠᠭᠠᠭᠠᠴᠢᠯᠠᠬᠤ ᠴᠢᠳᠠᠪᠤᠷᠢ ᠶᠢ ᠲᠦᠷᠭᠡᠨ ᠳᠡᠭᠡᠭᠰᠢᠯᠡᠭᠦᠯᠬᠦ ᠬᠡᠷᠡᠭᠲᠡᠢ᠃ ᠬᠤᠳᠠᠯᠳᠤᠭ᠎ᠠ ᠡᠵᠡᠩᠨᠡᠬᠦ ᠤᠷᠴᠢᠨ ᠳᠤᠭᠤᠷᠢᠨ ᠮᠦᠨᠴᠤ ᠴᠦᠬᠡᠨ ᠪᠤᠰᠤ ᠲᠣᠲᠠᠭᠤᠲᠠᠯ ᠤᠷᠤᠰᠢᠵᠦ᠂ ᠠᠷᠠᠳ ᠤᠨ ᠠᠮᠢᠳᠤᠷᠠᠯ ᠤᠨ ᠳᠠᠯ᠎ᠠ ᠪᠠᠷ ᠴᠦᠬᠡᠨ ᠪᠤᠰᠤ ᠳᠤᠳᠠᠭᠤᠳᠠᠯ ᠲᠠᠢ᠂ ᠵᠠᠰᠠᠭ ᠤᠨ ᠤᠷᠲᠤᠨ ᠤ ᠦᠷᠢ ᠰᠢᠷᠢ ᠶᠢ ᠠᠷᠢᠯᠭᠠᠬᠤ ᠡᠭᠦᠷᠭᠡ ᠬᠦᠨᠲᠦ᠂ ᠡᠳ᠋ ᠤᠨ ᠵᠠᠰᠠᠭ ᠤᠨ ᠴᠠᠯᠢᠩ ᠢ ᠪᠠᠲᠤᠯᠠᠬᠤ᠂ ᠡᠷᠬᠢᠯᠲᠡ ᠶᠢ ᠪᠠᠲᠤᠯᠠᠬᠤ᠂ ᠠᠷᠠᠳ ᠤᠨ ᠠᠮᠢᠳᠤᠷᠠᠯ ᠤᠨ ᠦᠨᠳᠦᠰᠦᠨ ᠵᠦᠢᠯ ᠢ ᠪᠠᠲᠤᠯᠠᠬᠤ ᠲᠠᠷᠤᠯᠲᠠ ᠶᠡᠭᠡ ᠵᠡᠷᠭᠡ ᠪᠤᠢ᠃ ᠡᠲᠡᠭᠡᠷ ᠠᠰᠠᠭᠤᠳᠠᠯ ᠳᠤ ᠬᠠᠨᠳᠤᠭᠤᠯᠵᠤ ᠪᠢᠲᠡ ᠡᠷᠬᠡᠪᠰᠢ ᠠᠰᠠᠭᠤᠳᠠᠯ ᠢᠶᠠᠷ ᠤᠳᠤᠷᠢᠳᠤᠮᠵᠢ ᠪᠤᠯᠭᠠᠵᠤ᠂ ᠲᠦᠷᠭᠡᠨ ᠰᠢᠢᠳᠪᠦᠷᠢᠯᠡᠪᠡᠯ ᠵᠤᠬᠢᠨ᠎ᠠ᠃ ᠬᠤᠶᠠᠷ᠂ 2019 ᠤᠨ ᠤᠨ ᠠᠵᠢᠯ ᠤᠨ ᠪᠠᠶᠢᠷᠢᠯᠠᠭᠤᠯᠤᠯᠲᠠ      ᠡᠨᠡ ᠵᠢᠯ ᠪᠤᠯ ᠰᠢᠨ᠎ᠡ ᠳᠤᠮᠲᠠᠲᠦ ᠤᠯᠤᠰ ᠪᠠᠶᠢᠭᠤᠯᠤᠭᠳᠠᠭᠰᠠᠨ 70 ᠵᠢᠯ ᠤᠨ ᠤᠢ᠂ ᠮᠦᠨᠴᠦ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠭᠦ ᠵᠠᠩᠭᠢᠯᠠᠭ᠎ᠠ ᠶᠢᠨ ᠵᠢᠯ ᠪᠤᠯᠬᠤ ᠶᠤᠮ᠃ ᠪᠢᠲᠡ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠲᠠᠲᠦ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠦ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠠ ᠠᠷᠪᠠ ᠶᠢᠰᠦᠳᠦᠭᠡᠷ ᠬᠤᠭᠤᠴᠠᠭᠠᠨ ᠤ ᠬᠤᠶᠠᠳᠤᠭᠠᠷ ᠪᠦᠬᠦᠳᠡ ᠬᠤᠷᠠᠯ᠂ ᠭᠤᠷᠪᠠᠳᠤᠭᠠᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠦ᠂ ᠲᠦᠪ ᠬᠤᠷᠢᠶᠠᠨ ᠤ ᠠᠵᠦ ᠠᠬᠤᠢ ᠶᠢᠨ ᠠᠵᠢᠯ ᠤᠨ ᠬᠤᠷᠠᠯ ᠪᠠ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠰᠢᠢᠳᠪᠦᠷᠢᠲᠦ ᠪᠤᠳᠤᠯᠭ᠎ᠠ ᠶᠢᠨ ᠪᠠᠶᠢᠷᠢᠯᠠᠭᠤᠯᠤᠯᠲᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠦ᠂ ︽ᠠᠵᠤ ᠠᠬᠤᠢ ᠶᠢᠨ ᠪᠦᠳᠦᠭᠡᠨ ᠪᠠᠶᠢᠭᠤᠯᠤᠯᠳᠠ᠂ ᠤᠯᠤᠰ ᠲᠦᠷᠦ ᠶᠢᠨ ᠪᠦᠳᠦᠭᠡᠨ ᠪᠠᠶᠢᠭᠤᠯᠤᠯᠳᠠ᠂ ᠰᠤᠶᠤᠯ ᠤᠨ ᠪᠦᠳᠦᠭᠡᠨ ᠪᠠᠶᠢᠭᠤᠯᠤᠯᠳᠠ᠂ ᠨᠡᠶᠢᠭᠡᠮ ᠤᠨ ᠪᠦᠳᠦᠭᠡᠨ ᠪᠠᠶᠢᠭᠤᠯᠤᠯᠳᠠ᠂ ᠠᠮᠢ ᠠᠬᠤᠢ ᠶᠢᠨ ᠪᠤᠯᠪᠠᠰᠤᠨ ᠤ ᠪᠦᠳᠦᠭᠡᠨ ᠪᠠᠶᠢᠭᠤᠯᠤᠯᠳ ᠶᠢ ᠨᠢᠭᠡ ᠴᠤᠭᠴᠠᠵᠢᠭᠤᠯᠬᠤ ︾ ᠶᠡᠷᠦᠩᠬᠡᠢ ᠪᠠᠶᠢᠷᠢᠰᠢᠭᠤᠯᠤᠯᠲᠠ ᠶᠢ ᠨᠢᠭᠡᠲᠦᠯᠲᠡᠢ ᠲᠦᠯᠦᠪᠵᠢᠭᠦᠯᠦᠨ ᠠᠬᠢᠭᠤᠯᠵᠦ᠂ ︽ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠬᠤ᠂ ᠦᠭᠡᠷᠡᠴᠢᠯᠡᠯᠳᠡ ᠶᠢ ᠪᠦᠬᠦ ᠲᠠᠯ᠎ᠠ ᠪᠠᠷ ᠬᠦᠨᠵᠡᠭᠡᠶᠢᠷᠡᠭᠦᠯᠬᠦ᠂ ᠪᠦᠬᠦ ᠲᠠᠯ᠎ᠠ ᠪᠠᠷ ᠬᠠᠤᠯᠢ ᠶᠤᠰᠤᠭᠠᠷ ᠤᠯᠤᠰ ᠢᠶᠠᠨ ᠵᠠᠰᠠᠬᠤ᠂ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ︾ ᠪᠠᠶᠢᠯᠳᠤᠬᠤ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠵᠤᠬᠢᠴᠠᠭᠤᠯᠤᠨ ᠠᠬᠢᠭᠤᠯᠵᠦ᠂ ᠲᠤᠭᠲᠠᠭᠤᠨ ᠤ ᠲᠤᠮᠳᠠ ᠤᠷᠤᠭᠰᠢᠯᠠᠬᠤ ᠠᠵᠢᠯ ᠤᠨ ᠶᠡᠷᠦᠩᠬᠡᠢ ᠬᠦᠭ ᠠᠶᠠᠰ ᠢ ᠪᠠᠷᠢᠮᠳᠠᠯᠠᠵᠦ᠂ ᠰᠢᠨ᠎ᠠ ᠬᠦᠭᠵᠢᠯᠲᠡ ᠶᠢᠨ ᠤᠶᠢᠯᠠᠭᠠᠭᠳᠠᠬᠤᠨ ᠢ ᠪᠠᠷᠢᠮᠳᠠᠯᠠᠵᠦ᠂ ᠴᠢᠨᠠᠷ ᠰᠠᠶᠢᠲᠠᠢ ᠬᠦᠭᠵᠢᠯᠲᠡ ᠶᠢ ᠲᠦᠯᠬᠢᠨ ᠠᠬᠢᠭᠤᠯᠬᠤ ᠶᠢ ᠪᠠᠷᠢᠮᠳᠠᠯᠠᠵᠦ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠪᠠᠷ ᠭᠤᠤᠯ ᠱᠤᠭᠤᠮ ᠪᠤᠯᠭᠠᠵᠦ᠂ ᠵᠠᠬ᠎ᠠ ᠳᠡᠯᠭᠡᠭᠦᠷᠴᠢᠯᠡᠯᠲᠡ ᠶᠢᠨ ᠦᠭᠡᠷᠡᠴᠢᠯᠡᠯᠲᠡ ᠶᠢ ᠭᠦᠨᠵᠡᠭᠡᠶᠢᠷᠡᠭᠦᠯᠬᠦ ᠶᠢ ᠪᠠᠷᠢᠮᠳᠠᠯᠠᠵᠦ᠂ ᠳᠡᠭᠡᠲᠦ ᠬᠢᠷᠢ ᠲᠦᠪᠰᠢᠨ ᠪᠦᠬᠦᠢ ᠨᠡᠭᠡᠭᠡᠯᠲᠡ ᠶᠢ ᠦᠷᠭᠡᠳᠭᠡᠨ᠂ ᠤᠳᠤᠬᠢᠴᠢᠯᠠᠭᠰᠠᠨ ᠠᠵᠦ ᠠᠬᠤᠢ ᠶᠢᠨ ᠰᠢᠰᠲ᠋ᠧᠮ ᠢ ᠲᠦᠷᠭᠡᠪᠴᠢᠯᠡᠨ ᠪᠠᠶᠢᠭᠤᠯᠵᠦ᠂ ᠭᠤᠷᠪᠠᠨ ᠶᠡᠭᠡ ᠪᠤᠭᠤᠮᠲᠠ ᠰᠢᠪᠲᠤᠯᠬᠤ ᠳᠠᠶᠢᠯᠠᠯᠲᠤᠭᠠᠨ ᠢ ᠰᠠᠶᠢᠳᠦᠷ ᠬᠢᠵᠦ᠂ ᠪᠢᠴᠢᠯ ᠪᠡᠶᠡᠴᠢ ᠴᠤᠭᠴᠠ ᠶᠢᠨ ᠠᠮᠢᠵᠢᠷᠠᠯ ᠤᠨ ᠬᠦᠴᠦᠨ ᠢ ᠬᠦᠴᠦᠯᠡᠨ ᠬᠦᠭᠵᠢᠭᠡᠵᠦ᠂ ᠬᠤᠷᠸ᠎ᠠ ᠲᠤᠬᠢᠷᠠᠭᠤᠯᠭ᠎ᠠ ᠶᠢ ᠰᠢᠨᠡᠴᠢᠯᠡᠬᠦ ᠪᠠ ᠳᠡᠭᠦᠯᠳᠡᠷᠵᠢᠭᠦᠯᠵᠦ᠂ ᠲᠤᠭᠲᠠᠭᠤᠨ ᠢᠶᠠᠷ ᠨᠡᠮᠡᠭᠳᠡᠭᠦᠯᠬᠦ᠂ ᠦᠭᠡᠷᠡᠴᠢᠯᠡᠯᠲᠡ ᠶᠢ ᠠᠬᠢᠭᠤᠯᠬᠤ᠂ ᠪᠦᠲᠦᠴᠡ ᠶᠢ ᠲᠤᠬᠢᠷᠠᠭᠤᠯᠬᠤ᠂ ᠠᠷᠠᠳ ᠲᠤ ᠠᠰᠢᠭ ᠬᠦᠷᠲᠡᠭᠡᠬᠦ ᠂ ᠲᠦᠭᠰᠢᠭᠦᠷᠢ ᠶᠢ ᠰᠡᠷᠭᠡᠶᠢᠯᠡᠬᠦ ᠶᠢ ᠨᠢᠭᠡᠲᠦᠯᠲᠡᠢ ᠲᠦᠯᠦᠪᠯᠡᠨ ᠠᠬᠢᠭᠤᠯᠵᠦ᠂ ᠠᠵᠦ ᠠᠬᠤᠢ ᠶᠢᠨ ᠡᠷᠬᠢᠯᠳᠡ ᠶᠢ ᠵᠤᠬᠢᠰᠳᠠᠢ ᠪᠠᠶᠢᠬᠤ ᠶᠢ ᠪᠠᠳᠤᠯᠠᠨ᠂ ᠠᠵᠢᠯ ᠤᠯᠭᠤᠯᠲᠠ᠂ ᠮᠦᠩᠬᠦᠨ ᠭᠦᠢᠯᠭᠡᠭᠡ᠂ ᠭᠠᠳᠠᠭᠠᠲᠦ ᠠᠷᠠᠯᠵᠢᠶ᠎ᠠ᠂ ᠭᠠᠳᠠᠭᠠᠲᠦ ᠶᠢᠨ ᠪᠡᠯᠡ ᠮᠦᠩᠬᠦ᠂ ᠪᠡᠯᠡ ᠤᠷᠤᠭᠤᠯᠤᠯᠲᠠ᠂ ᠵᠢᠱᠢᠯᠲᠡ ᠶᠢ ᠤᠯᠠᠮ ᠲᠤᠭᠲᠠᠭᠤᠨ ᠪᠤᠯᠭᠠᠵᠦ᠂ ᠵᠠᠬ᠎ᠠ ᠳᠡᠯᠭᠡᠭᠦᠷ ᠤᠨ ᠢᠳᠡᠭᠡᠯ ᠢ ᠨᠡᠮᠡᠭᠳᠡᠭᠦᠯᠦᠨ ᠤᠷᠮᠠᠰᠢᠭᠤᠯᠵᠦ᠂ ᠠᠷᠠᠳ ᠤᠯᠠᠨ ᠤ ᠬᠦᠷᠲᠡᠮᠵᠢ ᠶᠢᠨ ᠲᠦᠷᠦᠭᠳᠡᠯ᠂ ᠵᠤᠯ ᠵᠢᠷᠭᠠᠯᠲᠦ ᠲᠦᠷᠦᠭᠳᠡᠯ᠂ ᠠᠮᠦᠷ ᠲᠦᠪᠰᠢᠨ ᠤ ᠲᠦᠷᠦᠭᠳᠡᠯ ᠢ ᠨᠡᠮᠡᠭᠳᠡᠭᠦᠯᠵᠦ᠂ ᠠᠵᠦ ᠠᠬᠤᠢ ᠶᠢᠨ ᠦᠷᠬᠦᠯᠵᠢᠯᠡᠨ ᠡᠷᠡᠭᠦᠯ ᠢᠶᠠᠷ ᠬᠦᠭᠵᠢᠬᠦ ᠪᠠ ᠨᠡᠶᠢᠭᠡᠮ ᠤᠨ ᠪᠦᠬᠦ ᠲᠠᠯ᠎ᠠ ᠶᠢᠨ ᠲᠤᠭᠲᠠᠭᠤᠨ ᠢ ᠪᠠᠷᠢᠮᠳᠠᠯᠠᠵᠦ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠭᠦ ᠳᠤ ᠰᠢᠢᠳᠪᠦᠷᠢᠲᠦ ᠴᠢᠨᠠᠷᠲᠠᠢ ᠰᠠᠭᠤᠷᠢ ᠶᠢ ᠳᠠᠯᠪᠢᠨ ᠦᠭᠴᠦ᠂ ᠰᠢᠯᠢᠳᠡᠭ ᠬᠢᠷᠢ ᠪᠦᠲᠦᠮᠵᠢ ᠪᠠᠷ ᠪᠦᠭᠦᠲᠡ ᠨᠠᠶᠢᠷᠠᠮᠳᠠᠬᠤ ᠲᠤᠮᠲᠠᠲᠦ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠨ᠎ᠠ᠃     ᠳᠡᠭᠡᠷ᠎ᠡ ᠱᠠᠭᠠᠷᠲᠠᠭᠰᠠᠨ ᠶᠤᠰᠤᠭᠠᠷ᠂  ᠡᠨᠡ ᠵᠢᠯ ᠤᠨ ᠭᠤᠤᠯ ᠠᠵᠢᠯ ᠤᠨ ᠵᠢᠱᠢᠭᠰᠡᠨ ᠬᠠᠷᠠᠯᠲᠠ ᠪᠤᠯ᠄ ᠤᠷᠤᠨ ᠨᠤᠲᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠲᠡᠭ ᠢ 6.5% ᠤᠷᠴᠢᠮ ᠨᠡᠮᠡᠭᠳᠡᠭᠦᠯᠵᠦ᠂ 500 ᠲᠦᠮᠡᠨ ᠲᠦᠭᠦᠷᠢᠭ ᠠᠴᠠ ᠳᠡᠭᠡᠭᠰᠢᠬᠢ ᠲᠤᠭᠲᠠᠮᠠᠯ ᠬᠦᠷᠦᠩᠭᠡ ᠶᠢᠨ ᠪᠡᠯᠡ ᠤᠷᠤᠭᠤᠯᠤᠯᠲᠠ ᠶᠢ 15% ᠤᠷᠴᠢᠮ ᠨᠡᠮᠡᠭᠳᠡᠭᠦᠯᠵᠦ᠂ ᠤᠯᠠᠨ ᠨᠡᠶᠢᠲᠡ ᠶᠢᠨ ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠶᠢ 11.2% ᠤᠷᠴᠢᠮ ᠨᠡᠮᠡᠭᠳᠡᠭᠦᠯᠵᠦ᠂ ᠨᠡᠶᠢᠭᠡᠮ ᠤᠨ ᠬᠡᠷᠡᠭᠯᠡᠭᠡᠨ ᠤ ᠵᠦᠢᠯ ᠤᠨ ᠵᠢᠵᠢᠭᠯᠡᠨ ᠪᠤᠷᠤᠯᠠᠭᠤᠯᠬᠤ ᠭᠡᠮᠵᠢᠶ᠎ᠠ ᠶᠢ 6.7% ᠤᠷᠴᠢᠮ ᠨᠡᠮᠡᠭᠳᠡᠭᠦᠯᠵᠦ᠂ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠤᠷᠤᠯᠭ᠎ᠠ ᠶᠢ ᠲᠤᠰ ᠲᠤᠰ 8% ᠪᠠ 10% ᠤᠷᠴᠢᠮ ᠨᠡᠮᠡᠭᠳᠡᠭᠦᠯᠬᠦ ᠪᠤᠯᠤᠨ᠎ᠠ᠃ ᠳᠡᠭᠡᠷᠡᠬᠢ ᠬᠠᠷᠠᠯᠲᠠ ᠶᠢ ᠪᠡᠶᠡᠯᠡᠭᠦᠯᠬᠦ ᠳᠤ᠂ ᠲᠤᠭᠲᠠᠭᠤᠨ ᠤ ᠳᠤᠮᠳᠠ ᠤᠷᠤᠭᠰᠢᠯᠠᠨ ᠳᠠᠪᠰᠢᠬᠤ ᠠᠵᠢᠯ ᠤᠨ ᠡᠷᠴᠢᠮ ᠢ ᠢᠮᠠᠭᠲᠠ ᠪᠠᠷᠢᠮᠲᠠᠯᠠᠵᠦ᠂ ︽ᠲᠤᠭᠲᠠᠭᠤᠨ ︾ ᠪᠠ ︽ᠤᠷᠤᠭᠰᠢᠯᠠᠬᠤ ︾ ᠶᠢᠨ ᠬᠠᠷᠢᠴᠠᠭ᠎ᠠ ᠶᠢ ᠰᠠᠶᠢᠲᠤᠷ ᠡᠵᠡᠮᠳᠡᠵᠦ᠂ ︽ᠲᠤᠭᠲᠠᠭᠤᠨ ︾ ᠪᠠᠶᠢᠳᠠᠯ ᠢ ᠬᠠᠮᠠᠭᠠᠯᠠᠵᠤ᠂ ︽ᠤᠷᠤᠭᠰᠢᠯᠠᠬᠤ ︾ ᠴᠢᠭᠯᠡᠯ ᠢ ᠪᠠᠲᠤ ᠡᠵᠡᠮᠲᠡᠵᠦ᠂ ᠢᠳᠡᠷᠡᠭᠦᠨ ᠠᠯᠬᠤᠭ᠎ᠠ᠂ ᠯᠠᠪᠳᠠᠭᠤᠨ ᠠᠷᠭ᠎ᠠ᠂ ᠲᠤᠭᠲᠠᠭᠤᠨ ᠤᠷᠴᠢᠨ ᠢᠶᠠᠷ ᠠᠵᠢᠯ ᠤᠨ ᠬᠡᠪ ᠰᠤᠷᠲᠠᠯ ᠢ ᠥᠭᠡᠷᠡᠴᠢᠯᠡᠨ ᠰᠠᠶᠢᠵᠢᠷᠠᠭᠤᠯᠵᠤ᠂ ᠠᠷᠠᠳ ᠤᠨ ᠠᠮᠢᠳᠤᠷᠠᠯ ᠤᠨ ᠵᠤᠯ ᠵᠢᠷᠭᠠᠯ ᠢ ᠨᠡᠮᠡᠭᠳᠡᠭᠦᠯᠦᠨ᠂ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢ ᠲᠦᠯᠬᠢᠨ ᠠᠬᠢᠭᠤᠯᠬᠤ ᠭᠡᠷᠡᠭᠳᠡᠢ᠃    ︵ᠨᠢᠭᠡ ︶ ︽ᠬᠦᠨᠳᠦ ᠶᠡᠭᠡ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ᠂ ᠤᠨᠢᠨ ᠲᠡᠭᠡᠷ᠎ᠠ ᠨᠢ ᠶᠠᠳᠠᠭᠤ ᠠᠴᠠ ᠠᠩᠬᠢᠵᠢᠷᠠᠭᠤᠯᠬᠤ᠂ ᠪᠤᠬᠢᠷᠳᠦᠯ ᠢ ᠰᠡᠷᠭᠡᠶᠢᠯᠡᠭᠦ ᠭᠤᠷᠪᠠᠨ ᠶᠡᠭᠡ ᠪᠤᠭᠤᠮᠲᠠ ᠰᠢᠪᠲᠤᠯᠬᠤ ᠳᠠᠶᠢᠯᠠᠯᠳᠤᠭᠠᠨ ︾ ᠢ ᠭᠤᠶᠢᠪᠢᠰᠢ ᠦᠭᠡᠢ ᠰᠠᠶᠢᠲᠤᠷ ᠬᠢᠵᠦ᠂ ᠴᠢᠨᠠᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠭᠦ ᠲᠤᠪᠤᠶᠢᠮ᠎ᠠ ᠳᠤᠲᠠᠭᠤᠳᠠᠯ ᠢ ᠬᠦᠴᠦᠯᠡᠨ ᠨᠦᠬᠦᠪᠦᠷᠢᠯᠡᠨ᠎ᠡ᠃      ᠨᠢᠭᠡ ᠳᠤ᠂ ᠶᠠᠳᠠᠭᠤ ᠠᠴᠠ ᠠᠩᠭᠢᠵᠢᠷᠠᠭᠤᠯᠤᠨ ᠶᠠᠳᠠᠭᠤ ᠮᠠᠯᠠᠭᠠᠢ ᠶᠢ ᠠᠪᠴᠤ ᠬᠠᠶᠠᠬᠤ ᠠᠵᠢᠯ ᠢ ᠨᠢᠭᠡᠲᠦᠯᠲᠡᠢ ᠲᠦᠯᠬᠢᠨ ᠠᠬᠢᠭᠤᠯᠵᠤ᠂ ᠶᠠᠳᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠳᠠᠶᠢᠯᠠᠯᠳᠤᠭᠠᠨ ᠢ ᠪᠦᠬᠦ ᠬᠦᠴᠦᠨ ᠢᠶᠠᠷ ᠰᠠᠶᠢᠲᠤᠷ ᠬᠢᠨ᠎ᠡ᠃ ︽ᠢᠳᠡᠵᠦ ᠡᠮᠦᠰᠬᠦ᠂ ᠠᠯᠪᠠᠨ ᠵᠢᠷᠤᠮ ᠤᠨ ᠰᠤᠷᠭᠠᠨ ᠬᠥᠮᠦᠵᠢᠯ᠂ ᠦᠨᠳᠦᠰᠦᠨ ᠡᠮ ᠡᠮᠨᠡᠯᠭᠡ᠂ ᠣᠷᠤᠨ ᠰᠠᠭᠤᠴᠠ ᠶᠢᠨ ᠪᠠᠳᠤᠯᠠᠭ᠎ᠠ ︾ ᠪᠠᠶᠢᠬᠤ ᠬᠠᠷᠠᠯᠲᠠ ᠶᠢᠨ ᠲᠤᠭᠤᠷᠢᠨ ᠳᠤ᠂ ᠲᠦᠷᠦ ᠶᠢᠨ ᠪᠣᠳᠤᠯᠭ᠎ᠠ ᠶᠢ ᠶᠡᠷᠦᠩᠬᠡᠶᠢᠯᠡᠨ ᠬᠡᠷᠡᠭᠵᠢᠭᠦᠯᠦᠨ᠂ ᠣᠨᠢᠨ ᠳᠡᠭᠡᠷ᠎ᠡ ᠨᠢ ᠬᠦᠴᠦᠯᠡᠵᠦ᠂ 1.6 ᠲᠦᠮᠡᠨ ᠶᠠᠳᠠᠭᠤ ᠬᠦᠴᠢᠷᠳᠡᠯᠲᠡᠢ ᠬᠥᠮᠦᠨ ᠠᠮᠠ ᠶᠢ ᠲᠤᠭᠲᠠᠭᠤᠨ ᠢᠶᠠᠷ ᠶᠠᠳᠠᠭᠤ ᠠᠴᠠ ᠠᠩᠭᠢᠵᠢᠷᠠᠭᠤᠯᠵᠤ᠂ ᠷᠠᠰᠢᠶᠠᠨ ᠬᠤᠲᠠ ᠂ ᠵᠠᠯᠠᠶᠢᠳ ᠬᠤᠰᠢᠭᠤ ᠪᠠ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠤᠯᠤᠰ ᠤᠨ ᠦᠨᠡᠯᠡᠯᠲᠡ ᠰᠢᠯᠭᠠᠯᠳᠠ ᠶᠢ ᠦᠩᠭᠡᠷᠡᠭᠡᠵᠦ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠠ ᠲᠦᠴᠢᠦᠸᠡᠨ ᠰᠢᠶᠠᠨ ᠤ ᠶᠠᠳᠠᠭᠤ ᠮᠠᠯᠠᠭᠠᠢ ᠪᠠᠨ ᠠᠪᠴᠤ ᠬᠠᠶᠠᠬᠤ ᠠᠵᠢᠯ ᠣᠷᠤᠨ ᠤ ᠳᠡᠰ ᠤᠨ ᠦᠨᠡᠯᠡᠯᠳᠡ ᠪᠠᠶᠢᠴᠠᠭᠠᠯᠲᠠ ᠶᠢ ᠦᠩᠭᠡᠷᠡᠭᠡᠬᠦ ᠶᠢ ᠪᠠᠲᠦᠯᠠᠨ᠎ᠠ᠃ ︽ᠠᠵᠤ ᠦᠢᠯᠡᠰ ᠢᠶᠠᠷ ᠲᠡᠳᠬᠦᠵᠦ ᠤᠷᠤᠯᠭ᠎ᠠ ᠶᠢ ᠨᠢ ᠨᠡᠮᠡᠭᠳᠡᠭᠦᠯᠬᠦ ᠠᠮᠤᠭᠤᠯᠠᠩ ᠤᠷᠤᠨ ᠰᠠᠭᠤᠴᠠ ᠶᠢ ᠪᠠᠳᠤᠯᠠᠬᠤ᠂ ᠰᠤᠷᠭᠠᠨ ᠬᠥᠮᠦᠵᠢᠯ ᠢᠶᠠᠷ ᠶᠠᠳᠠᠭᠤ ᠶᠢ ᠳᠡᠳᠬᠦᠬᠦ᠂ ᠡᠷᠡᠭᠦᠯ ᠮᠡᠨᠳᠦ ᠪᠠᠷ ᠶᠠᠳᠠᠭᠤ ᠶᠢ ᠳᠡᠳᠬᠦᠬᠦ᠂ ᠠᠮᠢᠳᠤᠷᠠᠯ ᠤᠨ ᠲᠠᠯ᠎ᠠ ᠪᠠᠷ ᠠᠪᠤᠷᠠᠨ ᠲᠤᠰᠠᠯᠠᠬᠤ ︾ ᠵᠡᠷᠭᠡ ᠲᠦᠷᠦ ᠶᠢᠨ ᠪᠣᠳᠤᠯᠭ᠎ᠠ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠶᠢᠨ ᠲᠤᠭᠤᠷᠢᠨ ᠳᠤ᠂ ᠰᠢᠨ᠎ᠡ ᠪᠠᠷ ᠳᠠᠩᠰᠠ ᠺᠠᠷᠲ ᠪᠠᠶᠢᠭᠤᠯᠤᠭᠰᠠᠨ ᠶᠠᠳᠠᠭᠤ ᠬᠦᠴᠢᠷᠳᠡᠯᠲᠡᠢ ᠬᠦᠮᠦᠨ ᠠᠮᠠ ᠶᠢᠨ ᠶᠠᠳᠠᠭᠤ ᠶᠢᠨ ᠬᠡᠮᠵᠢᠶ᠎ᠡ ᠶᠢ ᠦᠨᠳᠦᠰᠦᠯᠡᠨ ᠲᠦᠷᠦ ᠶᠢᠨ ᠪᠣᠳᠤᠯᠭ᠎ᠠ ᠬᠡᠷᠡᠭᠵᠢᠭᠦᠯᠵᠦ᠂ ᠨᠢᠭᠡᠨᠲᠡ ᠲᠦᠷᠦ ᠶᠢᠨ ᠪᠣᠳᠤᠯᠭ᠎ᠠ ᠬᠡᠷᠡᠭᠵᠢᠭᠦᠯᠦᠭᠰᠡᠨ ᠳᠠᠩᠰᠠ ᠺᠠᠷᠲ ᠪᠠᠶᠢᠭᠤᠯᠤᠭᠰᠠᠨ ᠶᠠᠳᠠᠭᠤ ᠬᠦᠴᠢᠷᠳᠡᠯᠲᠡᠢ ᠬᠥᠮᠦᠨ ᠠᠮᠠ ᠶᠢ ︽ᠡᠷᠬᠢᠨ ᠬᠠᠷᠠᠬᠤ ︾ ᠠᠵᠢᠯᠯᠠᠭ᠎ᠠ ᠥᠷᠨᠢᠭᠦᠯᠵᠦ᠂ ᠨᠢᠭᠡᠨᠲᠡ ᠶᠠᠳᠠᠭᠤ ᠠᠴᠠ ᠠᠩᠭᠢᠵᠢᠷᠠᠭᠰᠠᠨ ᠬᠥᠮᠦᠨ ᠠᠮᠠ ᠶᠢᠨ ᠪᠠᠶᠢᠳᠡᠯ ᠢ ᠰᠠᠶᠢᠳᠤᠷ ᠤᠢᠢᠯᠠᠭᠠᠵᠤ᠂ ᠲᠠᠬᠢᠨ ᠶᠠᠳᠠᠭᠤᠷᠠᠬᠤ ᠶᠢ ︽ᠤᠷᠢᠳᠴᠢᠯᠠᠨ ᠰᠡᠷᠭᠡᠶᠢᠯᠡᠨ᠎ᠠ ︾᠃ ᠪᠡᠭᠡᠵᠢᠩ ᠠᠴᠠ ᠥᠪᠦᠷ ᠮᠣᠩᠭᠤᠯ ᠢ ᠬᠠᠪᠰᠤᠷᠤᠨ ᠳᠡᠳᠬᠦᠬᠦ ᠬᠠᠮᠵᠢᠯᠴᠠᠭᠠᠨ ᠤ ᠲᠦᠷᠦᠯ ᠵᠦᠢᠯ ᠤᠨ ᠪᠡᠯᠡ ᠮᠥᠩᠭᠦ ᠶᠢ ᠰᠠᠶᠢᠲᠤᠷ ᠠᠰᠢᠭᠯᠠᠵᠤ᠂ ᠬᠤᠰᠢᠭᠤ ᠰᠢᠶᠠᠨ ᠬᠤᠲᠠ ᠪᠣᠯᠭᠠᠨ ᠠᠳᠠᠭ ᠲᠤ ᠪᠠᠨ 1 ᠨᠡᠶᠢᠲᠡᠯᠢᠭ ᠵᠢᠱᠢᠶ᠎ᠡ ᠦᠵᠡᠭᠦᠯᠬᠦ ᠲᠦᠷᠦᠯ ᠵᠦᠢᠯ ᠢ ᠪᠠᠶᠢᠭᠤᠯᠤᠨ᠂ ᠠᠵᠢᠯ ᠤᠨ ᠭᠢᠯᠠᠰ ᠴᠡᠭ ᠢ 1 ᠡᠭᠦᠳᠦᠨ᠎ᠡ᠃ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠤᠯᠲᠠ ᠪᠠ ᠬᠦᠳᠡᠭᠡ ᠲᠤᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠤᠯᠭ᠎ᠠ ᠶᠢᠨ ᠠᠪᠴᠠᠯᠳᠤᠯ ᠢ ᠴᠢᠩᠭᠠᠳᠬᠠᠵᠤ᠂ ᠶᠠᠳᠠᠭᠤ ᠶᠢ ᠳᠡᠳᠬᠦᠬᠦ ᠠᠵᠤ ᠦᠢᠯᠡᠰ ᠤᠨ ᠠᠰᠢᠭ ᠣᠷᠤᠯᠭ᠎ᠠ ᠶᠢ ᠬᠤᠪᠢᠶᠠᠷᠢᠯᠠᠬᠤ ᠳᠦᠷᠢᠮ ᠂ ᠠᠰᠢᠭ ᠲᠤᠰᠠ ᠶᠢ ᠨᠡᠩ ᠴᠢᠩᠭ᠎ᠠ ᠬᠤᠯᠪᠤᠬᠰᠠᠨ ᠲᠣᠭᠲᠠᠴᠠ ᠶᠢ ᠲᠡᠭᠦᠯᠳᠡᠷᠵᠢᠭᠦᠯᠦᠭᠰᠡᠨ ᠪᠠ ᠨᠡᠩ ᠲᠤᠭᠳᠠᠭᠤᠨ ᠢᠶᠠᠷ ᠶᠠᠳᠠᠭᠤ ᠠᠴᠠ ᠠᠩᠬᠢᠵᠢᠷᠠᠭᠤᠯᠬᠤ ᠤᠷᠲᠤ ᠬᠤᠭᠤᠴᠠᠭᠠᠨ ᠤ ᠲᠤᠭᠳᠠᠴᠠ ᠶᠢ ᠪᠠᠶᠢᠭᠤᠯᠵᠤ ᠲᠦᠷᠢᠮᠵᠢᠭᠦᠯᠦᠨ᠎ᠠ᠃ ᠶᠠᠳᠠᠭᠤ ᠶᠢ ᠳᠡᠳᠬᠦᠬᠦ ᠪᠡᠯᠡ ᠣᠷᠤᠭᠤᠯᠤᠯᠲᠠ ᠶᠢᠨ ᠬᠦᠴᠦᠯᠡᠴᠡ ᠶᠢ ᠨᠡᠮᠡᠭᠳᠡᠭᠦᠯᠵᠦ᠂ ᠪᠦᠬᠦ ᠠᠶᠢᠮᠠᠭ ᠤᠨ ᠣᠨᠴᠠ ᠬᠦᠴᠢᠷᠳᠡᠯᠲᠡᠢ 90 ᠭᠠᠴᠠᠭ᠎ᠠ ᠲᠤᠰᠬᠤᠨ ᠤ ᠰᠠᠭᠤᠷᠢ ᠲᠣᠨᠤᠭ ᠲᠦᠬᠦᠭᠡᠷᠦᠮᠵᠢ ᠶᠢ ᠲᠡᠭᠦᠯᠳᠡᠷᠵᠢᠭᠦᠯᠬᠦ᠂ ᠣᠯᠠᠨ ᠨᠡᠶᠢᠲᠡ ᠶᠢᠨ ᠦᠢᠯᠡᠴᠢᠯᠡᠭᠡᠨ ᠪᠡ ᠠᠵᠤ ᠦᠢᠯᠡᠰ ᠤᠨ ᠬᠦᠭᠵᠢᠯᠳᠡ ᠳᠠᠬᠢ ᠪᠡᠯᠡ ᠤᠷᠤᠭᠤᠯᠤᠯᠳᠠ ᠶᠢ 3600 ᠲᠦᠮᠡᠨ ᠲᠦᠭᠦᠷᠢᠭ ᠨᠡᠮᠡᠭᠳᠡᠭᠦᠯᠵᠦ᠂ ᠬᠦᠴᠦᠨ ᠢᠶᠠᠨ ᠲᠥᠪᠯᠡᠷᠡᠭᠦᠯᠦᠨ ᠶᠠᠳᠠᠭᠤ ᠬᠦᠴᠢᠷᠳᠡᠯ ᠤᠨ ᠲᠠᠯ᠎ᠠ ᠪᠠᠷ ᠬᠢ ᠳᠤᠲᠠᠭᠤᠳᠠᠯ ᠢ ᠨᠦᠬᠦᠪᠦᠷᠢᠯᠡᠨ᠎ᠡ᠃ ᠶᠠᠳᠠᠭᠤ ᠶᠢ ᠳᠡᠳᠬᠦᠬᠦ ᠪᠡᠯᠡ ᠮᠥᠩᠬᠦ ᠶᠢ ᠰᠠᠶᠢᠲᠤᠷ ᠬᠠᠮᠢᠶᠠᠷᠤᠨ ᠬᠡᠷᠡᠭᠯᠡᠵᠦ᠂ ᠪᠡᠯᠡ ᠮᠥᠩᠭᠦᠨ ᠤ ᠬᠡᠷᠡᠭᠯᠡᠯᠲᠡ ᠶᠢᠨ ᠦᠷ᠎ᠡ ᠠᠰᠢᠭ ᠢ ᠳᠡᠭᠡᠭᠰᠢᠯᠡᠭᠦᠯᠦᠨ᠎ᠡ᠃ ︽ᠤᠶᠤᠨ ᠤᠬᠠᠭᠠᠨ ᠢ ᠨᠢ ᠰᠡᠩᠭᠡᠷᠡᠭᠦᠯᠬᠦ ᠪᠠ ᠡᠷᠴᠢ ᠵᠣᠷᠢᠭ ᠢ ᠨᠢ ᠲᠠᠶᠢᠴᠢᠯᠠᠬᠤ ᠬᠤᠶᠠᠷ ᠲᠠᠯ᠎ᠠ ᠪᠠᠷ ᠳᠡᠳᠬᠦᠬᠦ ︾ ᠠᠵᠢᠯᠯᠠᠭᠠᠨ ᠤ ᠵᠢᠯᠤᠭᠤᠳᠬᠤ ᠰᠠᠨᠠᠯ ᠢ ᠲᠤᠭᠳᠠᠭᠠᠵᠤ᠂ ᠰᠢᠨ᠎ᠡ ᠬᠡᠯᠪᠡᠷᠢ ᠶᠢᠨ ᠮᠠᠯᠴᠢᠨ ᠲᠠᠷᠢᠶᠠᠴᠢᠨ ᠤ ᠬᠡᠪ ᠪᠣᠯᠪᠠᠰᠤᠷᠠᠯ ᠢ ᠳᠡᠭᠡᠭᠰᠢᠯᠡᠭᠦᠯᠬᠦ ᠢᠨᠵᠧᠨᠧᠷᠢᠩ ᠪᠠ ︽ᠠᠮᠢᠳᠤᠷᠠᠯ ᠢ ᠰᠠᠶᠢᠵᠢᠷᠠᠭᠤᠯᠬᠤ ᠳᠤ ᠬᠦᠷᠢᠶ᠎ᠡ ᠬᠠᠰᠢᠶ᠎ᠠ ᠠᠴᠠ ᠡᠬᠢᠯᠡᠵᠦ ᠬᠢᠬᠦ ︾ ᠭᠤᠷᠪᠠᠨ ᠵᠢᠯ ᠤᠨ ᠠᠵᠢᠯᠯᠠᠭ᠎ᠠ ᠶᠢ ᠭᠦᠨᠵᠡᠭᠡᠢ ᠬᠡᠷᠡᠭᠵᠢᠭᠦᠯᠵᠦ᠂ ᠨᠡᠶᠢᠲᠡᠯᠢᠭ ᠵᠢᠱᠢᠶ᠎ᠡ ᠦᠵᠡᠭᠦᠯᠬᠦ ᠰᠣᠮᠣ ᠰᠢᠶᠠᠩ ᠪᠠᠯᠭᠠᠰᠤ ᠶᠢ 10᠂ ᠵᠢᠱᠢᠶ᠎ᠡ ᠦᠵᠡᠭᠦᠯᠬᠦ ᠭᠠᠴᠠᠭ᠎ᠠ ᠲᠤᠰᠬᠤᠨ ᠢ 100᠂ ᠵᠢᠱᠢᠶ᠎ᠡ ᠦᠵᠡᠭᠦᠯᠬᠦ ᠡᠷᠦᠬᠡ ᠶᠢ 1000 ᠲᠤᠰ ᠲᠤᠰ ᠰᠤᠩᠭᠤᠨ ᠭᠠᠷᠭᠠᠵᠦ ᠳᠠᠭᠤᠷᠢᠶᠠᠯ ᠪᠤᠯᠭᠠᠨ᠎ᠠ᠃ ᠬᠦᠳᠡᠭᠡ ᠲᠤᠰᠬᠤᠨ ᠤ ᠠᠵᠢᠯ ᠣᠯᠭᠤᠬᠤ ᠦᠢᠯᠡᠰ ᠪᠦᠲᠦᠭᠡᠬᠦ ᠶᠢ ᠠᠬᠢᠭᠤᠯᠬᠤ ᠠᠵᠢᠯᠯᠠᠭ᠎ᠠ ᠶᠢ ᠡᠷᠴᠢᠮᠲᠠᠢ ᠬᠡᠷᠡᠭᠵᠢᠭᠦᠯᠵᠦ᠂ ᠬᠦᠳᠡᠭᠡ ᠲᠤᠰᠬᠤᠨ ᠤ ᠪᠠᠶᠠᠵᠢᠯ ᠤᠨ ᠳᠠᠭᠠᠭᠤᠯᠤᠭᠴᠢ ᠶᠢ ᠶᠡᠬᠡᠪᠡᠷ ᠬᠦᠮᠦᠵᠢᠭᠦᠯᠵᠦ᠂ ᠬᠤᠭᠤᠴᠠᠭ᠎ᠠ ᠬᠤᠪᠢᠶᠠᠨ 8000 ᠬᠥᠮᠦᠨ ︵ᠤᠳᠠᠭ᠎ᠠ ︶ ᠳᠤ ᠪᠣᠯᠪᠠᠰᠤᠷᠠᠯ ᠬᠦᠷᠳᠡᠭᠡᠵᠤ᠂ ︽ᠶᠠᠳᠠᠭᠤ ᠶᠢ ᠳᠡᠳᠬᠦᠬᠦ ᠪᠣᠴᠠᠰᠢ ᠦᠭᠡᠢ ᠠᠵᠢᠯᠯᠠᠬᠤ ᠠᠩᠬᠢ ︾ ᠶᠢ ᠪᠠᠶᠢᠭᠤᠯᠤᠨ᠎ᠠ᠃     ᠬᠤᠶᠠᠷ ᠲᠤ᠂ ᠠᠮᠢ ᠠᠬᠤᠢ ᠶᠢᠨ ᠬᠠᠮᠠᠭᠠᠯᠠᠯᠲᠠ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ ᠪᠤᠬᠢᠷᠲᠤᠯ ᠢ ᠰᠡᠷᠭᠡᠶᠢᠯᠡᠨ ᠵᠠᠰᠠᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠨ᠎ᠡ᠃ ᠪᠤᠬᠢᠷᠲᠤᠯ ᠢ ᠰᠡᠷᠭᠡᠶᠢᠯᠡᠨ ᠵᠠᠰᠠᠬᠤ ᠬᠦᠴᠦᠯᠡᠴᠡ ᠪᠠᠨ ᠨᠡᠮᠡᠭᠳᠡᠭᠦᠯᠦᠨ᠎ᠡ᠃ ᠠᠭᠠᠷ ᠮᠠᠨᠳᠠᠯ᠂ ᠤᠰᠤ᠂ ᠬᠦᠷᠦᠰᠦ ᠰᠢᠷᠤᠢ ᠶᠢᠨ ᠪᠤᠬᠢᠷᠲᠤᠯ ᠢ ᠰᠡᠷᠭᠡᠶᠢᠯᠡᠨ ᠵᠠᠰᠠᠬᠤ ᠪᠤᠭᠤᠮᠲᠠ ᠰᠢᠪᠲᠤᠯᠬᠤ ᠤᠨ ᠤ ᠲᠦᠰᠦᠪ ᠢ ᠲᠤᠭᠲᠠᠭᠠᠵᠤ᠂ ᠪᠤᠬᠢᠷᠲᠤᠯ ᠢ ᠵᠠᠰᠠᠬᠤ ᠲᠦᠷᠦᠯ ᠵᠦᠢᠯ ᠢ 60 ᠬᠡᠷᠡᠭᠵᠢᠭᠦᠯᠦᠨ᠎ᠡ᠃ ᠨᠡᠭᠦᠷᠡᠰᠦ ᠰᠢᠳᠠᠭᠠᠬᠤ ᠪᠤᠬᠢᠷᠲᠤᠯ ᠢ ᠵᠠᠰᠠᠬᠤ ᠲᠤᠰᠬᠠᠢ ᠠᠵᠢᠯᠯᠠᠭ᠎ᠠ ᠥ ᠷᠨᠢᠭᠦᠯᠵᠦ᠂ ᠡᠪᠦᠯ ᠤᠨ ᠤᠯᠠᠷᠢᠯ ᠤᠨ ᠠᠷᠢᠭᠤᠨ ᠴᠡᠪᠡᠷ ᠢᠶᠠᠷ ᠢᠯᠴᠢ ᠬᠠᠩᠭᠠᠬᠤ ᠪᠠ ︽ᠬᠤᠲᠠ ᠶᠢᠨ ᠳᠣᠲᠤᠷᠠᠬᠢ ᠲᠤᠰᠬᠤᠨ ︾ ᠢ ᠥᠭᠡᠷᠡᠴᠢᠯᠡᠨ ᠵᠠᠰᠠᠬᠤ ᠢᠨᠵᠧᠨᠧᠷᠢᠩ ᠤᠨ ᠬᠡᠷᠡᠭᠵᠢᠭᠦᠯᠦᠯᠲᠡ ᠶᠢ ᠲᠦᠷᠭᠡᠳᠭᠡᠨ᠎ᠡ᠃ ᠭᠤᠤᠯ ᠮᠦᠷᠡᠨ ︵ᠨᠠᠭᠤᠷ ︶ ᠤ ᠳᠠᠷᠤᠭ᠎ᠠ ᠶᠢᠨ ᠳᠦᠷᠢᠮ ᠢ ᠪᠦᠬᠦ ᠲᠠᠯ᠎ᠠ ᠪᠠᠷ ᠨᠠᠶᠢᠳᠠᠪᠦᠷᠢᠵᠢᠭᠤᠯᠤᠨ᠎ᠠ᠃ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠤᠨ ᠪᠤᠵᠠᠷ ᠤᠰᠤ ᠰᠢᠢᠳᠪᠦᠷᠢᠯᠡᠬᠦ ᠪᠠᠷᠢᠮᠵᠢᠶ᠎ᠠ ᠶᠢ ᠳᠡᠭᠡᠭᠰᠢᠯᠡᠭᠦᠯᠬᠦ ᠥᠭᠡᠷᠡᠴᠢᠯᠡᠯᠲᠡ ᠶᠢ ᠲᠦᠷᠭᠡᠳᠬᠡᠵᠦ᠂ 6 ᠬᠤᠰᠢᠭᠤ ᠰᠢᠶᠠᠨ ᠬᠤᠲᠠ ᠪᠠᠯᠭᠠᠰᠤ ᠶᠢᠨ ᠪᠤᠵᠠᠷ ᠤᠰᠤ ᠰᠢᠢᠳᠪᠦᠷᠢᠯᠡᠬᠦ ᠦᠢᠯᠡᠳᠪᠦᠷᠢ ᠶᠢᠨ ᠵᠢᠯ ᠤᠨ ᠡᠴᠦᠰ ᠠᠴᠠ ᠡᠮᠦᠨᠡᠬᠢ ᠡᠷᠬᠢᠯᠲᠡ ᠶᠢᠨ ᠳᠠᠭᠠᠭᠠᠴᠠ ᠶᠢᠨ ᠬᠡᠮᠵᠢᠶ᠎ᠡ ᠶᠢ 75% ᠠᠴᠠ ᠳᠡᠭᠡᠭᠰᠢ ᠪᠠᠶᠢᠯᠭᠠᠨ᠎ᠠ᠃ ᠭᠤᠤᠯᠳᠠᠯᠭᠠᠲᠤ ᠤᠷᠤᠨ ᠪᠦᠰᠡ᠂ ᠭᠤᠤᠯᠳᠠᠯᠭᠠᠲᠤ ᠠᠵᠢᠯ ᠲᠦᠷᠦᠯ ᠤᠨ ᠬᠦᠷᠦᠰᠦ ᠰᠢᠷᠤᠢ ᠶᠢᠨ ᠪᠣᠵᠠᠷᠳᠤᠯ ᠤᠨ ᠲᠥᠭᠰᠢᠭᠦᠷᠢ ᠳᠠᠯᠳᠠ ᠭᠡᠮ ᠢ ᠪᠦᠬᠦ ᠲᠠᠯ᠎ᠠ ᠪᠠᠷ ᠪᠠᠶᠢᠴᠠᠭᠠᠵᠤ᠂ ᠲᠠᠷᠢᠶᠠᠯᠠᠩ ᠤᠨ ᠦᠩᠭᠡᠨ ᠲᠠᠯ᠎ᠠ ᠶᠢᠨ ᠪᠤᠵᠠᠷᠳᠦᠯ᠂ ᠮᠠᠯ ᠵᠢᠬᠦᠷᠲᠡᠨ ᠤ ᠲᠡᠵᠢᠭᠡᠪᠦᠷᠢ ᠶᠢᠨ ᠪᠤᠵᠢᠷᠳᠦᠯ ᠵᠡᠷᠭᠡ ᠶᠢ ᠶᠡᠷᠦᠩᠬᠡᠶᠢᠯᠡᠨ ᠵᠠᠰᠠᠬᠤ ᠶᠢ ᠴᠢᠩᠭᠠᠳᠬᠠᠵᠤ᠂ ᠪᠣᠷᠳᠤᠭᠤᠷ ᠢ ᠡᠵᠡᠮᠳᠡᠨ ᠠᠰᠢᠭ ᠢ ᠨᠡᠮᠡᠭᠳᠡᠭᠦᠯᠬᠦ᠂ ᠡᠮ ᠢ ᠡᠵᠡᠮᠳᠡᠨ ᠬᠤᠤᠷ ᠢ ᠪᠠᠭᠠᠰᠬᠠᠬᠤ᠂ ᠤᠰᠤ ᠶᠢ ᠡᠵᠡᠮᠳᠡᠨ ᠬᠤᠷᠤᠭᠳᠠᠯ ᠢ ᠪᠠᠭᠤᠷᠠᠭᠤᠯᠬᠤ᠂ ᠪᠦᠷᠬᠦᠪᠴᠢ ᠶᠢ ᠡᠵᠡᠮᠳᠡᠨ ᠠᠰᠢᠭ ᠢ ᠳᠡᠭᠡᠭᠰᠢᠯᠡᠭᠦᠯᠬᠦ ︽ᠳᠦᠷᠪᠠᠨ ᠡᠵᠡᠮᠳᠡᠯ ᠤᠨ ᠠᠵᠢᠯᠯᠠᠭ᠎ᠠ ︾ ᠶᠢ ᠶᠡᠭᠡ ᠬᠦᠴᠦᠨ ᠢᠶᠠᠷ ᠬᠡᠷᠡᠭᠵᠢᠭᠦᠯᠦᠨ᠎ᠡ᠃ ᠲᠥᠪ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠱᠠᠯᠠᠪᠳᠠᠨ ᠪᠠᠶᠢᠴᠠᠭᠠᠬᠤ ᠪᠠ ︽ᠡᠷᠭᠢᠨ ᠬᠠᠷᠠᠬᠤ ︾ ᠬᠠᠷᠢᠭᠤ ᠲᠤᠰᠬᠠᠯ ᠤᠨ ᠰᠠᠨᠠᠯ ᠤᠨ ᠨᠠᠶᠢᠳᠠᠪᠤᠷᠢᠵᠢᠭᠤᠯᠤᠯᠲᠠ ᠶᠢ ᠦᠷᠭᠦᠯᠵᠢᠯᠡᠨ ᠲᠦᠯᠬᠢᠨ ᠠᠬᠢᠭᠤᠯᠵᠤ᠂ ᠪᠠᠶᠢᠭᠠᠯᠢ ᠶᠢᠨ ᠬᠠᠮᠭᠠᠯᠠᠯᠲᠠ ᠶᠢᠨ ᠣᠷᠤᠨ ᠤ ᠠᠰᠠᠭᠤᠳᠠᠯ ᠤᠨ ᠴᠡᠭᠴᠡᠯᠡᠯᠳᠡ ᠵᠠᠰᠠᠯᠲᠠ ᠶᠢ ᠣᠨᠴᠠᠭᠠᠶᠢᠯᠠᠨ ᠰᠠᠶᠢᠲᠤᠷ ᠠᠳᠬᠤᠨ᠎ᠠ᠃ ᠠᠮᠢ ᠠᠬᠤᠢ ᠶᠢᠨ ᠬᠠᠮᠠᠭᠠᠯᠠᠯᠲᠠ ᠪᠠᠶᠢᠭᠤᠯᠤᠯᠲᠠ ᠶᠢ ᠰᠠᠶᠢᠲᠤᠷ ᠠᠳᠬᠤᠨ᠎ᠠ᠃ ᠠᠭᠤᠯᠠ ᠤᠰᠤ ᠣᠢ ᠰᠢᠭᠤᠢ ᠲᠠᠷᠢᠶ᠎ᠠ ᠨᠠᠭᠤᠷ ᠪᠡᠯᠴᠢᠭᠡᠷ ᠡᠪᠡᠰᠦᠨ ᠤ ᠰᠢᠰᠲ᠋ᠧᠮᠲᠤ ᠴᠡᠭᠴᠡᠯᠡᠯᠳᠡ ᠵᠠᠰᠠᠯᠲᠠ ᠶᠢ ᠴᠢᠩᠭᠠᠳᠬᠠᠵᠤ᠂ ᠤᠯᠤᠰ ᠤᠨ ᠨᠤᠲᠤᠭ ᠳᠡᠪᠢᠰᠭᠡᠷ ᠤᠨ ᠨᠤᠭᠤᠭᠠᠷᠠᠭᠤᠯᠤᠯᠲᠠ ᠶᠢᠨ ᠬᠤᠷᠳᠤᠴᠠ ᠶᠢ ᠨᠡᠮᠡᠭᠳᠡᠭᠦᠯᠬᠦ᠂ ᠣᠢ ᠰᠢᠭᠤᠢ ᠶᠢᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ᠂ ᠣᠢ ᠰᠢᠭᠤᠢ ᠶᠢᠨ ᠦᠢᠯᠡᠰ ᠢᠶᠠᠷ ᠠᠷᠠᠳ ᠢ ᠴᠢᠨᠡᠭᠡᠯᠢᠭᠵᠢᠭᠦᠯᠬᠦ ᠭᠤᠷᠪᠠᠨ ᠶᠡᠭᠡ ᠠᠵᠢᠯᠯᠠᠭ᠎ᠠ ᠶᠢ ᠥᠷᠨᠢᠭᠦᠯᠦᠨ᠂ ᠲᠠᠷᠢᠶᠠᠯᠠᠬᠤ ᠶᠢ ᠵᠤᠭᠰᠤᠭᠠᠵᠤ ᠣᠶᠢᠵᠢᠭᠤᠯᠬᠤ᠂ ᠮᠠᠯᠵᠢᠬᠤ ᠶᠢ ᠵᠤᠬᠰᠤᠭᠠᠵᠤ ᠡᠪᠡᠰᠤ ᠳᠠᠷᠢᠬᠤ᠂ ᠡᠮ ᠰᠦᠷᠴᠢᠭᠦ ᠶᠢ ᠵᠤᠬᠰᠤᠭᠠᠵᠤ ᠪᠤᠬᠢᠷᠳᠦᠯ ᠢ ᠬᠠᠮᠠᠭᠠᠯᠠᠨ᠂ ᠲᠠᠷᠢᠶ᠎ᠠ ᠶᠢ ᠡᠭᠡᠯᠵᠢᠯᠡᠨ ᠰᠡᠯᠭᠦᠵᠦ ᠲᠠᠷᠢᠬᠤ ︽ᠭᠤᠷᠪᠠ ᠶᠢ ᠵᠣᠭᠰᠤᠭᠠᠨ ᠭᠤᠷᠪᠠ ᠶᠢ ᠰᠡᠷᠭᠦᠭᠡᠵᠦ ᠨᠢᠭᠡ ᠶᠢ ᠡᠭᠡᠯᠵᠢᠯᠡᠬᠦ ︾ ᠢᠨᠵᠧᠨᠧᠷᠢᠩ ᠢ ᠦᠷᠭᠦᠯᠵᠢᠯᠡᠨ ᠬᠡᠷᠡᠭᠵᠢᠭᠦᠯᠵᠦ᠂ ︽ᠭᠤᠷᠪᠠᠨ ᠤᠮᠠᠷᠠᠳᠤ ︾ ᠶᠢᠨ ᠬᠠᠯᠬᠠᠪᠴᠢ ᠣᠢ ᠶᠢᠨ ᠪᠠᠶᠢᠭᠤᠯᠤᠯᠲᠠ᠂ ᠬᠤᠷᠴᠢᠨ ᠤ ᠡᠯᠡᠰᠦᠷᠬᠡᠭ ᠭᠠᠵᠠᠷ ᠤᠨ ᠵᠠᠰᠠᠯᠲᠠ᠂ ᠨᠤᠭᠤ ᠭᠠᠵᠠᠷ ᠤᠨ ᠬᠠᠮᠠᠭᠠᠯᠠᠯᠲᠠ ᠵᠢᠴᠢ ᠭᠤᠤᠯ ᠮᠦᠷᠡᠨ ᠨᠠᠭᠤᠷ ᠴᠦᠬᠦᠷᠦᠮ ᠢ ᠬᠤᠯᠪᠤᠨ ᠨᠡᠪᠳᠡᠷᠡᠭᠦᠯᠭᠦ ᠵᠡᠷᠭᠡ ᠭᠤᠤᠯᠳᠠᠯᠭᠠᠲᠤ ᠠᠮᠢ ᠠᠬᠤᠢ ᠶᠢᠨ ᠢᠨᠵᠧᠨᠧᠷᠢᠩ ᠤᠨ ᠪᠠᠶᠢᠭᠤᠯᠤᠯᠲᠠ ᠶᠢ ᠭᠦᠨᠵᠡᠭᠡᠢ ᠲᠦᠯᠬᠢᠨ ᠠᠬᠢᠭᠤᠯᠤᠨ᠎ᠠ᠃ ᠠᠮᠢ ᠠᠬᠤᠢ ᠶᠢᠨ ᠪᠣᠯᠪᠠᠰᠤᠨ ᠤ ᠳᠦᠷᠢᠮ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠭᠤᠤᠯ ᠴᠣᠭᠴᠠᠲᠤ ᠴᠢᠳᠠᠮᠵᠢ ᠶᠢᠨ ᠲᠣᠭᠤᠷᠢᠭ ᠤᠨ ᠪᠠᠶᠢᠷᠢᠯᠠᠭᠤᠯᠤᠯᠲᠠ ᠶᠢ ᠲᠡᠭᠦᠯᠳᠡᠷᠵᠢᠭᠦᠯᠵᠦ᠂ ᠤᠳᠤᠷᠢᠳᠬᠤ ᠺᠠᠳ᠋ᠷ ᠤᠨ ᠪᠠᠶᠢᠭᠠᠯᠢ ᠶᠢᠨ ᠡᠬᠢ ᠪᠠᠶᠠᠯᠢᠭ ᠡᠳ᠋ ᠬᠥᠷᠦᠩᠭᠡ ᠶᠢᠨ ᠲᠤᠬᠠᠢ ᠲᠤᠰᠢᠶᠠᠯ ᠠᠴᠠ ᠰᠠᠯᠬᠤ ︵ᠲᠤᠰᠢᠶᠠᠯ ᠳᠤ ᠪᠠᠶᠢᠬᠤ ︶ ᠬᠢᠨᠠᠨ ᠪᠣᠳᠤᠯᠲᠠ ᠪᠠ ᠠᠮᠢ ᠠᠬᠤᠢ ᠶᠢᠨ ᠣᠷᠴᠢᠨ ᠲᠣᠭᠤᠷᠢᠨ ᠤ ᠬᠤᠬᠢᠷᠠᠯ ᠤᠨ ᠬᠠᠷᠢᠭᠤᠴᠠᠯᠭ᠎ᠠ ᠶᠢᠨ ᠨᠠᠰᠤᠨ ᠲᠤᠷᠰᠢᠲᠠ ᠨᠡᠬᠡᠮᠵᠢᠯᠡᠬᠦ ᠳᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠤᠷᠵᠢᠬᠰᠠᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮ ᠢ ᠲᠡᠭᠦᠯᠳᠡᠷᠵᠢᠭᠦᠯᠵᠦ᠂ ᠲᠠᠷᠢᠶᠠᠯᠠᠬᠤ ᠪᠠᠨ ᠵᠤᠬᠰᠤᠵᠤ ᠣᠶᠢᠵᠢᠭᠤᠯᠬᠤ ︵ᠪᠡᠯᠴᠢᠭᠡᠷ ᠢ ᠰᠡᠷᠭᠦᠭᠡᠬᠦ ︶᠂ ᠮᠠᠯᠵᠢᠬᠤ ᠪᠠᠨ ᠵᠤᠭᠰᠤᠵᠤ ᠡᠪᠡᠰᠤ ᠳᠠᠷᠢᠬᠤ ᠪᠠ ᠪᠡᠯᠴᠢᠭᠡᠷ ᠤᠨ ᠲᠡᠩᠴᠡᠭᠦᠷᠢᠰᠢᠯ ᠵᠡᠷᠭᠡ ᠳᠦᠷᠢᠮ ᠢ ᠪᠠᠲᠤᠳᠬᠠᠨ ᠪᠦᠷᠢᠨᠰᠢᠭᠦᠯᠦᠨ᠎ᠡ᠃ ᠤᠯᠤᠰ ᠤᠨ ᠠᠮᠢ ᠠᠬᠤᠢ ᠶᠢᠨ ᠪᠣᠯᠪᠠᠰᠤᠨ ᠤ ᠵᠢᠱᠢᠶ᠎ᠡ ᠦᠵᠡᠭᠦᠯᠬᠦ ᠠᠶᠢᠮᠠᠭ ᠢ ᠡᠭᠦᠳᠦᠨ ᠪᠠᠶᠢᠭᠤᠯᠬᠤ ᠠᠵᠢᠯ ᠢ ᠡᠬᠢᠯᠡᠭᠦᠯᠵᠦ᠂ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢᠨ ᠬᠢᠷᠢ ᠲᠥᠪᠰᠢᠨ ᠢ ᠲᠠᠰᠤᠷᠠᠯᠲᠠ ᠦᠭᠡᠢ ᠳᠡᠭᠡᠭᠰᠢᠯᠡᠭᠦᠯᠦᠨ᠎ᠡ᠃ ︽ᠲᠠᠷᠢᠶᠠᠨ ᠭᠠᠵᠠᠷ ᠢ ᠨᠡᠷ᠎ᠠ ᠪᠤᠷᠤᠭᠤᠯᠠᠵᠦ ᠡᠵᠡᠯᠡᠭᠰᠡᠨ ᠬᠠᠤᠯᠢ ᠪᠣᠰᠤ ᠪᠠᠷᠢᠯᠭ᠎ᠠ ︾ ᠶᠢ ᠴᠡᠭᠴᠡᠯᠡᠨ ᠵᠠᠰᠠᠬᠤ ᠠᠵᠢᠯ ᠢ ᠴᠢᠩᠭ᠎ᠠ ᠠᠳᠬᠤᠵᠤ᠂ ᠲᠠᠷᠢᠶᠠᠨ ᠭᠠᠵᠠᠷ ᠢ ᠲᠠᠷᠢᠶᠠᠨ ᠭᠠᠵᠠᠷ ᠪᠢᠰᠢ ᠪᠤᠯᠭᠠᠬᠤ ᠦᠵᠡᠭᠳᠡᠯ ᠢ ᠡᠷᠡᠰ ᠬᠤᠷᠢᠭᠯᠠᠨ᠎ᠠ᠃           ᠭᠤᠷᠪᠠ ᠳᠤ᠂ ᠰᠡᠷᠭᠡᠶᠢᠯᠡᠯᠲᠡ ᠶᠢᠨ ᠭᠤᠤᠯᠳᠠᠯᠭ᠎ᠠ ᠶᠢ ᠳᠣᠪᠤᠶᠢᠯᠭᠠᠵᠤ᠂ ᠬᠥᠨᠳᠦ ᠨᠣᠴᠢᠲᠠᠢ ᠠᠶᠤᠯ ᠲᠥᠭᠰᠢᠬᠦᠷᠢ ᠶᠢ ᠪᠦᠲᠦᠮᠵᠢᠲᠡᠢ ᠰᠢᠢᠳᠪᠦᠷᠢᠯᠡᠨ᠎ᠡ᠃ ᠦᠷᠢ ᠰᠢᠷᠢ ᠶᠢ ᠠᠷᠢᠯᠭᠠᠬᠤ ᠬᠦᠴᠦᠯᠡᠴᠡ ᠪᠠᠨ ᠴᠢᠩᠭᠠᠷᠠᠭᠤᠯᠤᠨ᠎ᠠ᠃ ᠬᠤᠰᠢᠭᠤ ᠰᠢᠶᠠᠨ ᠬᠤᠲᠠ ᠶᠢᠨ ᠦᠷᠢ ᠰᠢᠷᠢ ᠶᠢ ᠠᠷᠢᠯᠭᠠᠬᠤ ᠭᠤᠤᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠲᠦᠰᠦᠪ ᠤᠨ ᠲᠤᠭ᠎ᠠ ᠬᠡᠮᠵᠢᠶ᠎ᠡ ᠶᠢ ᠳᠡᠭᠡᠭᠰᠢᠯᠡᠭᠦᠯᠬᠦ᠂ ᠡᠳ᠋ ᠤᠨ ᠵᠠᠰᠠᠭ ᠤᠨ ᠬᠠᠳᠠᠭᠠᠯᠠᠮᠵᠢ ᠶᠢᠨ ᠪᠡᠯᠡ ᠮᠥᠩᠭᠦ ᠶᠢ ᠠᠮᠢᠯᠠᠭᠤᠯᠬᠤ᠂ ᠭᠠᠵᠠᠷ ᠰᠢᠷᠤᠢ ᠶᠢᠨ ᠡᠵᠡᠩᠨᠡᠯᠳᠡ ᠶᠢᠨ ᠡᠷᠭᠡ ᠶᠢ ᠰᠢᠯᠵᠢᠭᠦᠯᠭᠦ ᠶᠢ ᠲᠦᠷᠭᠡᠳᠭᠡᠬᠦ ᠵᠡᠷᠭᠡ ᠣᠯᠠᠨ ᠵᠦᠢᠯ ᠤᠨ ᠠᠷᠭ᠎ᠠ ᠵᠠᠮ ᠢᠶᠠᠷ ᠳᠠᠮᠵᠢᠨ ᠥᠷᠢ ᠰᠢᠷᠢ ᠶᠢ ᠠᠷᠢᠯᠭᠠᠬᠤ ᠪᠡᠯᠡ ᠮᠥᠩᠭᠦ ᠴᠤᠭᠯᠠᠭᠤᠯᠤᠨ᠂ ᠵᠠᠰᠠᠭ ᠤᠨ ᠣᠷᠳᠤᠨ ᠤ ᠥᠷᠢ ᠰᠢᠷᠢ ᠶᠢ ᠠᠷᠢᠯᠭᠠᠬᠤ ᠤᠨ ᠤ ᠡᠭᠦᠷᠭᠡ ᠪᠠ ︽ᠠᠷᠪᠠ ᠶᠢ ᠪᠦᠷᠬᠦᠭᠦᠯᠬᠦ ︾ ᠠᠷᠪᠠᠨ ᠲᠦᠷᠦᠯ ᠠᠴᠠ ᠭᠠᠳᠠᠨᠠᠬᠢ ᠥᠷᠢᠲᠦᠭᠰᠡᠨ ᠢᠨᠵᠧᠨᠧᠷᠢᠩ ᠤᠨ ᠮᠦᠩᠭᠦ ᠶᠢ ᠰᠢᠢᠳᠪᠤᠷᠢᠯᠡᠬᠦ ᠠᠵᠢᠯ ᠢ ᠪᠡᠶᠡᠯᠡᠭᠦᠯᠬᠦ ᠶᠢ ᠪᠠᠲᠦᠯᠠᠨ᠎ᠠ᠃ ᠲᠦᠯᠦᠪᠯᠡᠭᠡᠨ ᠤ ᠲᠦᠷᠦᠯ ᠵᠦᠢᠯ ᠢ ᠰᠢᠨᠵᠢᠯᠡᠬᠦ ᠤᠬᠠᠭᠠᠨᠴᠢ ᠪᠠᠷ ᠨᠣᠲᠠᠯᠠᠵᠤ᠂ ᠥᠷᠢ ᠰᠢᠷᠢ ᠶᠢᠨ ᠡᠩ ᠤᠨ ᠲᠡᠮᠳᠡᠭᠲᠦ ᠪᠠ ᠥᠷᠢ ᠰᠢᠷᠢ ᠶᠢᠨ ᠲᠤᠰᠬᠠᠢ ᠲᠡᠮᠳᠡᠭᠲᠦ ᠶᠢ ᠰᠠᠶᠢᠲᠤᠷ ᠬᠡᠷᠡᠭᠯᠡᠨ᠎ᠡ᠃ ᠮᠥᠩᠭᠦᠨ ᠭᠦᠢᠯᠭᠡᠭᠡᠨ ᠤ ᠲᠥᠭᠰᠢᠭᠦᠷᠢ ᠶᠢᠨ ᠰᠡᠷᠭᠡᠶᠢᠯᠡᠯᠲᠡ ᠶᠢ ᠴᠢᠩᠭᠠᠳᠬᠠᠨ᠎ᠠ᠃ ︽ᠨᠢᠭᠡ ᠠᠵᠤ ᠠᠬᠤᠶᠢᠯᠠᠯ ᠨᠢᠭᠡ ᠲᠦᠷᠦ ᠶᠢᠨ ᠪᠣᠳᠤᠯᠭ᠎ᠠ ︾ ᠶᠢᠨ ᠵᠠᠷᠴᠢᠮ ᠶᠣᠰᠤᠭᠠᠷ᠂ ᠵᠠᠰᠠᠭ ᠤᠨ ᠣᠷᠳᠤᠨ ᠤ ᠪᠡᠯᠡ ᠴᠤᠭᠯᠠᠭᠤᠯᠬᠤ ᠲᠠᠪᠴᠠᠩ ᠤᠨ ᠵᠠᠬ᠎ᠠ ᠳᠡᠯᠭᠡᠭᠦᠷᠴᠢᠯᠡᠬᠦ ᠬᠡᠯᠪᠡᠷᠢ ᠪᠠᠨ ᠬᠤᠪᠢᠷᠠᠭᠤᠯᠬᠤ ᠶᠢ ᠲᠦᠯᠬᠢᠨ ᠠᠬᠢᠭᠤᠯᠤᠨ᠎ᠠ᠃ ᠠᠷᠠᠳ ᠤᠨ ᠳᠤᠮᠳᠠᠬᠢ ᠬᠠᠤᠯᠢ ᠪᠣᠰᠤ ᠥᠨᠳᠦᠷ ᠬᠦᠦ ᠲᠠᠢ ᠵᠢᠭᠡᠯᠡᠯᠭᠡ᠂ ᠬᠦᠴᠦᠷᠬᠡᠭᠯᠡᠯ ᠢᠶᠠᠷ ᠥᠷᠢ ᠨᠡᠬᠡᠬᠦ᠂ ᠬᠠᠤᠯᠢ ᠪᠣᠰᠤ ᠪᠠᠷ ᠪᠡᠯᠡ ᠴᠤᠭᠯᠠᠭᠤᠯᠬᠤ᠂ ᠥᠷᠢ ᠰᠢᠷᠢ ᠠᠴᠠ ᠳᠤᠲᠠᠭᠠᠬᠤ ᠵᠡᠷᠭᠡ ᠮᠥᠩᠭᠦᠨ ᠭᠦᠢᠯᠭᠡᠭᠡᠨ ᠤ ᠬᠠᠤᠯᠢ ᠠᠴᠠ ᠵᠦᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠭᠡᠨᠡᠳᠲᠡ ᠶᠢᠨ ᠴᠢᠨᠠᠷᠲᠠᠢ ᠮᠥᠩᠭᠦᠨ ᠭᠦᠢᠯᠭᠡᠭᠡᠨ ᠤ ᠲᠥᠭᠰᠢᠭᠦᠷᠢ ᠶᠢ ᠪᠦᠲᠦᠮᠵᠢᠲᠡᠢ ᠰᠡᠷᠭᠡᠶᠢᠯᠡᠨ᠎ᠡ᠃ ᠬᠤᠪᠢ ᠶᠢᠨ ᠠᠵᠤ ᠠᠬᠤᠶᠢᠯᠠᠯ ᠳᠤ ᠥᠷᠢᠲᠦᠭᠰᠡᠨ ᠵᠣᠭᠤᠰ ᠢ ᠴᠡᠪᠡᠷᠯᠡᠨ᠎ᠡ᠃ ᠵᠠᠰᠠᠭ ᠤᠨ ᠣᠷᠳᠤᠨ ᠤ ᠰᠠᠯᠠᠭ᠎ᠠ ᠮᠦᠴᠢᠷ᠂ ᠤᠯᠤᠰ ᠤᠨ ᠥᠮᠴᠢᠯᠡᠯᠲᠦ ᠠᠵᠤ ᠠᠬᠤᠶᠢᠯᠠᠯ ᠤᠨ ᠬᠤᠪᠢ ᠶᠢᠨ ᠠᠵᠤ ᠠᠬᠤᠶᠢᠯᠠᠯ ᠳᠤ ᠥᠷᠢᠲᠦᠭᠰᠡᠨ ᠵᠣᠭᠤᠰ ᠤᠨ ᠪᠠᠶᠢᠳᠠᠯ ᠢ ᠪᠦᠬᠦ ᠲᠠᠯ᠎ᠠ ᠪᠠᠷ ᠣᠶᠢᠯᠠᠭᠠᠵᠤ᠂ ᠬᠠᠷᠢᠶᠠᠲᠤ ᠭᠠᠵᠠᠷ ᠤᠨ ᠬᠠᠮᠢᠶᠠᠷᠤᠯᠲᠠ᠂ ᠳᠡᠰ ᠬᠤᠪᠢᠶᠠᠨ ᠬᠠᠷᠢᠭᠤᠴᠠᠬᠤ ᠵᠠᠷᠴᠢᠮ ᠢᠶᠠᠷ᠂ ᠥᠷᠢ ᠰᠢᠷᠢ ᠶᠢ ᠴᠡᠪᠡᠷᠯᠡᠬᠦ ᠠᠵᠢᠯ ᠤᠨ ᠲᠦᠰᠦᠯ ᠲᠣᠭᠲᠠᠭᠠᠵᠤ᠂ ᠴᠠᠭ ᠬᠤᠭᠤᠴᠠᠭ᠎ᠠ ᠪᠠ ᠠᠷᠭ᠎ᠠ ᠠᠪᠴᠠᠯ ᠢ ᠲᠣᠳᠤᠷᠬᠠᠶᠢᠯᠠᠵᠤ᠂ ᠥᠷᠢ ᠰᠢᠷᠢ ᠶᠢ ᠴᠡᠪᠡᠷᠯᠡᠬᠦ ᠠᠵᠢᠯ ᠢ ᠬᠤᠭᠤᠴᠠᠭ᠎ᠠ ᠶᠣᠰᠤᠭᠠᠷ ᠪᠡᠶᠡᠯᠡᠭᠦᠯᠭᠦ ᠶᠢ ᠪᠠᠲᠦᠯᠠᠨ᠎ᠠ᠃     ︵ᠬᠤᠶᠠᠷ ︶ ᠰᠢᠨ᠎ᠡ ᠬᠠᠭᠤᠴᠢᠨ ᠬᠦᠳᠡᠯᠭᠡᠬᠦ ᠬᠦᠴᠦᠨ ᠤ ᠰᠣᠯᠢᠭᠳᠠᠯ ᠢ ᠲᠦᠷᠭᠡᠳᠬᠡᠵᠦ᠂ ᠠᠵᠤ ᠦᠢᠯᠡᠰ ᠤᠨ ᠪᠦᠲᠦᠴᠡ ᠶᠢᠨ ᠰᠢᠯᠢᠳᠡᠭᠵᠢᠭᠦᠯᠦᠯᠲᠡ ᠶᠢᠨ ᠳᠡᠰ ᠳᠠᠪᠰᠢᠬᠦᠯᠬᠦ ᠶᠢ ᠠᠬᠢᠭᠤᠯᠤᠨ᠎ᠠ᠃ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠬᠥᠭᠵᠢᠯᠲᠡ ᠶᠢᠨ ᠴᠢᠬᠤᠯᠠ ᠡᠯᠧᠮᠧᠨ᠋ᠲ ᠢ ᠵᠢᠯᠤᠭᠤᠳᠥᠨ ᠳᠤᠮᠳᠠ ᠳᠡᠭᠡᠳᠦ ᠳᠡᠰ ᠤᠨ ᠠᠵᠤ ᠦᠢᠯᠡᠰ ᠲᠡᠰᠢ ᠲᠥᠪᠯᠡᠷᠡᠬᠦᠯᠵᠦ᠂ ᠠᠵᠤ ᠦᠢᠯᠡᠰ ᠤᠨ ᠳᠠᠪᠬᠤᠷᠭ᠎ᠠ ᠪᠠ ᠬᠥᠭᠵᠢᠯᠲᠡ ᠶᠢᠨ ᠬᠢᠷᠢ ᠲᠥᠪᠰᠢᠨ ᠢ ᠳᠡᠭᠡᠭᠰᠢᠯᠡᠭᠦᠯᠦᠨ᠎ᠡ᠃     ᠨᠢᠭᠡ ᠳᠤ᠂ ᠰᠠᠭᠤᠷᠢ ᠲᠣᠨᠤᠭ ᠲᠦᠬᠦᠭᠡᠷᠦᠮᠵᠢ ᠶᠢᠨ ᠪᠠᠶᠢᠭᠤᠯᠤᠯᠲᠠ ᠶᠢ ᠲᠦᠷᠭᠡᠳᠭᠡᠨ᠎ᠡ᠃ ᠬᠦᠴᠦ ᠪᠠᠨ ᠲᠥᠪᠯᠡᠷᠡᠭᠦᠯᠦᠨ ᠠᠶᠢᠮᠠᠭ ᠤᠨ ᠳᠡᠰ ᠤᠨ 145 ᠴᠢᠬᠤᠯᠠ ᠶᠡᠭᠡ ᠲᠦᠷᠦᠯ ᠵᠦᠢᠯ ᠢ ᠬᠡᠷᠡᠭᠵᠢᠭᠦᠯᠵᠦ᠂ ᠪᠦᠬᠦ ᠵᠢᠯ ᠳᠤ 300 ᠳ᠋ᠥᠩᠰᠢᠭᠤᠷ ᠲᠦᠭᠦᠷᠢᠭ ᠠᠴᠠ ᠳᠡᠭᠡᠭᠰᠢᠬᠢ ᠪᠡᠯᠡ ᠣᠷᠤᠭᠤᠯᠤᠯᠲᠠ ᠶᠢ ᠪᠡᠶᠡᠯᠡᠭᠦᠯᠦᠨ᠎ᠡ᠃ ᠠᠷᠠᠳ ᠤᠨ ᠠᠭᠠᠷ ᠤᠨ ᠲᠡᠭᠡᠭᠡᠪᠦᠷᠢ ᠶᠢᠨ ᠲᠠᠯ᠎ᠠ ᠪᠠᠷ᠂ ᠤᠯᠠᠭᠠᠨᠬᠤᠲᠠ ᠪᠠ ᠷᠠᠰᠢᠶᠠᠨ ᠨᠢᠰᠭᠡᠯ ᠤᠨ ᠪᠠᠭᠤᠳᠠᠯ ᠤᠨ ᠢᠵᠢ ᠪᠦᠷᠢᠳᠥᠬᠦᠯᠬᠦ ᠲᠦᠬᠦᠭᠡᠷᠦᠮᠵᠢ ᠶᠢ ᠪᠦᠷᠢᠨᠰᠢᠭᠦᠯᠵᠦ᠂ ᠪᠠᠶᠢᠴᠧᠩ ᠵᠡᠷᠭᠡ ᠣᠶᠢᠷ᠎ᠠ ᠬᠠᠪᠢ ᠶᠢᠨ ᠨᠢᠰᠭᠡᠯ ᠤᠨ ᠪᠠᠭᠤᠳᠠᠯ ᠲᠠᠢ ᠬᠤᠯᠪᠤᠭᠠᠯᠠᠨ ᠡᠮᠦᠨᠡᠲᠦ ᠣᠷᠤᠨ ᠤ ᠭᠤᠤᠯᠳᠠᠯᠭᠠᠲᠤ ᠬᠤᠲᠠ ᠶᠢᠨ ᠠᠶᠠᠯᠠᠯ ᠤᠨ ᠱᠣᠭᠤᠮ ᠢ ᠨᠡᠪᠲᠡᠷᠡᠭᠦᠯᠵᠦ᠂ ᠲᠦᠴᠢᠦᠸᠡᠨ ᠰᠢᠶᠠᠨ᠂ ᠵᠠᠯᠠᠶᠢᠳ ᠬᠤᠰᠢᠭᠤ ᠵᠡᠷᠭᠡ ᠨᠡᠶᠢᠳᠡᠮ ᠬᠡᠷᠡᠭᠯᠡᠬᠦ ᠨᠢᠰᠭᠡᠯ ᠤᠨ ᠪᠠᠭᠤᠳᠠᠯ ᠤᠨ ᠪᠠᠶᠢᠭᠤᠯᠤᠯᠲᠠ ᠶᠢᠨ ᠠᠬᠢᠴᠠ ᠶᠢ ᠲᠦᠷᠭᠡᠳᠭᠡᠨ᠎ᠡ᠃ ᠲᠡᠮᠦᠷ ᠵᠠᠮ ᠵᠠᠰᠠᠬᠤ ᠲᠠᠯ᠎ᠠ ᠪᠠᠷ᠂ ᠠᠶᠢᠮᠠᠭ ᠤᠨ ᠨᠡᠭᠡᠬᠡᠯᠲᠡ ᠶᠢᠨ ᠣᠷᠤᠨ ᠤ ᠲᠡᠮᠦᠷ ᠵᠠᠮ ᠢ ᠲᠤᠷᠰᠢᠨ ᠬᠡᠷᠡᠭᠯᠡᠯᠲᠡ ᠳᠤ ᠤᠷᠤᠭᠤᠯᠬᠤ ᠶᠢ ᠲᠦᠯᠬᠢᠨ ᠠᠬᠢᠭᠤᠯᠵᠤ᠂ ᠤᠯᠠᠭᠠᠨᠬᠤᠲᠠ ᠠᠴᠠ ᠷᠠᠰᠢᠶᠠᠨ ᠬᠦᠷᠬᠦ ᠲᠡᠮᠦᠷ ᠵᠠᠮ ᠤᠨ ᠥᠭᠡᠷᠡᠴᠢᠯᠡᠨ ᠰᠠᠶᠢᠵᠢᠷᠠᠭᠤᠯᠤᠯᠲᠠ ᠶᠢᠨ ᠪᠡᠯᠡᠳᠭᠡᠯ ᠠᠵᠢᠯ ᠢ ᠲᠦᠷᠭᠡᠳᠭᠡᠵᠦ᠂ ᠤᠯᠠᠭᠠᠨᠬᠤᠲᠠ ᠠᠴᠠ ᠪᠠᠶᠢᠴᠧᠩ᠂ ᠴᠠᠩᠴᠦ᠋ᠨ ᠬᠦᠷᠬᠦ ᠲᠡᠮᠦᠷ ᠵᠠᠮ ᠤᠨ ᠬᠤᠷᠳᠤᠴᠠ ᠶᠢ ᠳᠡᠭᠡᠭᠰᠢᠯᠡᠭᠦᠯᠬᠦ ᠪᠠᠷ ᠴᠢᠷᠮᠠᠶᠢᠨ᠎ᠠ᠃ ᠵᠠᠰᠠᠮᠠᠯ ᠵᠠᠮ ᠤᠨ ᠲᠠᠯ᠎ᠠ ᠪᠠᠷ᠂ ᠷᠠᠰᠢᠶᠠᠨ ᠠᠴᠠ ᠤᠯᠠᠭᠠᠨᠬᠤᠲᠠ ᠬᠦᠷᠬᠦ᠂ ᠠᠯᠳᠠᠷ ᠠᠴᠠ ᠲᠦᠴᠢᠦᠸᠡᠨ ᠬᠦᠷᠬᠦ 11 ᠵᠣᠷᠪᠤᠰ ᠵᠠᠰᠠᠮᠠᠯ ᠵᠠᠮ ᠤᠨ ᠪᠠᠶᠢᠭᠤᠯᠤᠯᠲᠠ ᠶᠢ ᠲᠦᠷᠭᠡᠳᠬᠡᠨ᠂ ᠤᠯᠠᠭᠠᠨᠬᠤᠲᠠ ᠷᠠᠰᠢᠶᠠᠨ ᠤ ᠨᠢᠭᠡᠳᠦᠭᠡᠷ ᠳᠡᠰ ᠤᠨ ᠵᠠᠰᠠᠮᠠᠯ ᠵᠠᠮ ᠤᠨ ᠪᠦᠬᠦ ᠱᠣᠭᠤᠮ ᠲᠡᠷᠭᠡ ᠨᠡᠪᠲᠡᠷᠡᠬᠦ ᠶᠢ ᠪᠠᠲᠤᠯᠠᠵᠤ᠂ ᠤᠯᠠᠭᠠᠨᠬᠤᠲᠠ ᠶᠢᠨ ᠪᠠᠷᠠᠭᠤᠨ ᠡᠮᠦᠨ᠎ᠡ ᠳᠠᠬᠢ ᠬᠤᠲᠠ ᠶᠢ ᠲᠣᠭᠤᠷᠢᠭᠰᠠᠨ ᠲᠦᠷᠭᠡᠨ ᠬᠤᠷᠳᠤᠴᠠᠲᠤ ᠵᠠᠰᠠᠮᠠᠯ ᠵᠠᠮ᠂ ᠰᠣᠭᠤᠲᠤ ︵ᠬᠢᠨᠭ᠍ᠭᠠᠨ ᠲᠥᠩᠯᠢᠶᠣᠣ ᠶᠢᠨ ᠵᠠᠭᠠᠭ ᠤᠷᠤᠨ ︶ ᠠᠴᠠ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠬᠦᠷᠬᠦ ᠲᠦᠷᠭᠡᠨ ᠬᠤᠷᠳᠤᠴᠠᠲᠤ ᠵᠠᠰᠠᠮᠠᠯ ᠵᠠᠮ ᠤᠨ ᠲᠦᠷᠦᠯ ᠵᠦᠢᠯ ᠢ ᠪᠠᠷᠢᠯᠭ᠎ᠠ ᠡᠬᠢᠯᠡᠭᠦᠯᠬᠦ ᠪᠠᠷ ᠴᠢᠷᠮᠠᠶᠢᠨ᠎ᠠ᠃ ᠤᠰᠤᠨ ᠠᠰᠢᠭᠯᠠᠯᠲᠠ ᠶᠢᠨ ᠲᠠᠯ᠎ᠠ ᠪᠠᠷ᠂ ᠴᠣᠣᠯ ᠭᠤᠤᠯ ᠤᠨ ᠤᠰᠤ ᠶᠢ ᠯᠢᠶᠤᠤ ᠾᠧ ᠭᠤᠤᠯ ᠳᠤ ᠲᠠᠳᠠᠬᠤ ᠪᠠ ᠴᠣᠣᠯ ᠤᠰᠤᠨ ᠴᠦᠭᠦᠷᠦᠮ ᠤᠨ ᠳᠣᠣᠷᠠᠳᠤ ᠤᠷᠤᠰᠬᠠᠯ ᠤᠨ ᠤᠰᠤᠯᠠᠯᠲᠠ ᠶᠢᠨ ᠣᠷᠤᠨ ᠵᠡᠷᠭᠡ ᠭᠤᠤᠯᠳᠠᠯᠭᠠᠲᠤ ᠤᠰᠤᠨ ᠠᠰᠢᠭᠯᠠᠯᠲᠠ ᠶᠢᠨ ᠢᠨᠵᠧᠨᠧᠷᠢᠩ ᠤᠨ ᠪᠠᠶᠢᠭᠤᠯᠤᠯᠲᠠ ᠶᠢᠨ ᠠᠬᠢᠴᠠ ᠶᠢ ᠲᠦᠷᠭᠡᠳᠬᠡᠵᠦ᠂ ᠤᠰᠤᠯᠠᠯᠲᠠ ᠶᠢᠨ ᠣᠷᠤᠨ ᠢ ᠵᠠᠯᠭᠠᠵᠤ ᠪᠠᠶᠢᠭᠤᠯᠬᠤ ᠳᠤ ᠢᠵᠢ ᠪᠦᠷᠢᠳᠦᠭᠦᠯᠬᠦ ᠪᠠ ᠤᠰᠤ ᠠᠷᠪᠢᠯᠠᠨ ᠥᠭᠡᠷᠡᠴᠢᠯᠡᠨ ᠪᠠᠶᠢᠭᠤᠯᠬᠤ᠂ ᠥᠨᠳᠦᠷ ᠦᠷ᠎ᠡ ᠠᠰᠢᠭᠲᠤ ᠤᠰᠤ ᠠᠷᠪᠢᠯᠠᠬᠤ ᠤᠰᠤᠯᠠᠯᠲᠠ ᠵᠡᠷᠭᠡ ᠶᠢ ᠶᠡᠭᠡ ᠬᠦᠴᠦᠨ ᠢᠶᠠᠷ ᠬᠡᠷᠡᠭᠵᠢᠭᠦᠯᠵᠦ᠂ ᠤᠰᠤᠨ ᠠᠰᠢᠭᠯᠠᠯᠲᠠ ᠶᠢᠨ ᠲᠣᠨᠤᠭ ᠲᠦᠬᠦᠭᠡᠷᠦᠮᠵᠢ ᠶᠢᠨ ᠳᠤᠲᠠᠭᠤᠳᠠᠯ ᠢ ᠨᠦᠬᠦᠪᠦᠷᠢᠯᠡᠨ᠎ᠡ᠃ ᠴᠠᠬᠢᠯᠭᠠᠨ ᠬᠦᠴᠦᠨ ᠤ ᠲᠠᠯ᠎ᠠ ᠪᠠᠷ᠂ ᠥᠪᠦᠷ ᠮᠣᠩᠭᠤᠯ ᠤᠨ ᠡᠨᠧᠷᠭᠢ ᠪᠠᠷ ᠴᠠᠬᠢᠯᠭᠠᠨ ᠭᠠᠷᠭᠠᠬᠤ ᠪᠡᠯᠡ ᠣᠷᠤᠭᠤᠯᠤᠯᠲᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ ᠶᠢᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ 2 × 66 ᠲᠦᠮᠡᠨ ᠺᠢᠯᠤᠸᠠᠲ ᠤᠨ ᠴᠠᠬᠢᠯᠭᠠᠨ ᠦᠢᠯᠡᠳᠪᠦᠷᠢ᠂ ᠵᠢᠩ ᠺᠧ ᠴᠠᠬᠢᠯᠭᠠᠨ ᠭᠠᠷᠭᠠᠬᠤ ᠬᠢᠵᠠᠭᠠᠷᠲᠤ ᠺᠣᠮᠫᠠᠨᠢ ᠶᠢᠨ 1 × 35 ᠲᠦᠮᠡᠨ ᠺᠢᠯᠤᠸᠠᠲ ᠤᠨ ᠢᠯᠴᠢ ᠴᠠᠬᠢᠯᠭᠠᠨ ᠤ ᠬᠤᠯᠪᠤᠭᠠᠯᠠᠯ ᠢ ᠥᠷᠭᠡᠳᠬᠡᠨ ᠪᠠᠶᠢᠭᠤᠯᠬᠤ ᠲᠦᠷᠦᠯ ᠵᠦᠢᠯ ᠤᠨ ᠠᠬᠢᠴᠠ ᠶᠢ ᠲᠦᠷᠭᠡᠳᠭᠡᠨ᠎ᠡ᠃ ᠬᠤᠷᠴᠢᠨ ᠪᠠᠷᠠᠭᠤᠨ ᠭᠠᠷᠣᠨ ᠡᠮᠦᠨᠡᠲᠦ ᠬᠤᠰᠢᠭᠤᠨ ᠤ 220 ᠮᠢᠩᠭᠠᠨ ᠺᠢᠯᠤᠸᠣᠯᠲ ᠤᠨ ᠴᠠᠬᠢᠯᠭᠠᠨ ᠬᠦᠴᠦᠳᠡᠯ ᠥᠭᠡᠷᠡᠴᠢᠯᠡᠬᠦ ᠦᠷᠲᠡᠭᠡ ᠶᠢᠨ ᠭᠤᠤᠯ ᠬᠦᠴᠦᠳᠡᠯ ᠥᠭᠡᠷᠡᠴᠢᠯᠡᠯᠲᠡ ᠶᠢ ᠥᠷᠭᠡᠳᠭᠡᠨ ᠪᠠᠶᠢᠭᠤᠯᠬᠤ ᠪᠠ ᠪᠠᠳᠠᠷᠠᠬᠤ ᠶᠢᠨ 220 ᠮᠢᠩᠭᠠᠨ ᠺᠢᠯᠤᠸᠣᠯᠲ ᠤᠨ ᠴᠠᠬᠢᠯᠭᠠᠨ ᠬᠦᠷᠭᠡᠬᠦ ᠬᠦᠴᠦᠳᠡᠯ ᠥᠭᠡᠷᠡᠴᠢᠯᠡᠬᠦ᠂ ᠬᠢᠩᠭᠠᠨ ᠢᠨᠳᠡᠷ ᠤᠨ ᠬᠤᠤᠰ ᠱᠣᠭᠤᠮᠲᠤ 220 ᠮᠢᠩᠭᠠᠨ ᠺᠢᠯᠤᠸᠣᠯᠲ ᠤᠨ ᠢᠨᠵᠧᠨᠧᠷᠢᠩ ᠢ ᠬᠡᠷᠡᠭᠵᠢᠭᠦᠯᠦᠨ᠎ᠡ᠃     ᠬᠤᠶᠠᠷ ᠲᠤ᠂ ᠠᠵᠦ ᠦᠢᠯᠡᠳᠪᠦᠷᠢ ᠶᠢᠨ ᠬᠡᠯᠪᠡᠷᠢ ᠪᠠᠨ ᠬᠤᠪᠢᠷᠠᠭᠤᠯᠵᠦ᠂ ᠳᠡᠰ ᠳᠡᠪᠰᠢᠭᠦᠯᠬᠦ ᠶᠢ ᠲᠦᠷᠭᠡᠳᠭᠡᠨ᠎ᠡ᠃ ᠬᠠᠳᠠᠭᠠᠯᠠᠮᠵᠢ ᠶᠢ ᠲᠤᠬᠢᠷᠠᠭᠤᠯᠬᠤ ᠪᠠ ᠨᠡᠮᠡᠭᠳᠡᠯ ᠢ ᠴᠢᠨᠠᠷᠵᠢᠭᠤᠯᠬᠤ ᠶᠢ ᠵᠡᠷᠭᠡᠪᠡᠷ ᠬᠦᠭᠵᠢᠭᠦᠯᠬᠦ ᠶᠢ ᠪᠠᠷᠢᠮᠳᠠᠯᠠᠨ᠂ ︽ᠭᠤᠷᠪᠠ ᠶᠢ ᠬᠠᠰᠤᠵᠦ᠂ ᠨᠢᠭᠡ ᠶᠢ ᠪᠠᠭᠤᠷᠠᠭᠤᠯᠵᠦ᠂ ᠨᠢᠭᠡ ᠶᠢ ᠨᠦᠬᠦᠪᠦᠷᠢᠯᠡᠬᠦ ︾ ᠡᠭᠦᠷᠭᠡ ᠶᠢ ᠭᠦᠨᠵᠡᠭᠡᠢ ᠨᠠᠶᠢᠲᠠᠪᠦᠷᠢᠵᠢᠭᠤᠯᠤᠨ᠂ ︽ᠵᠠᠭᠤᠨ ᠳ᠋ᠦᠩᠰᠢᠭᠤᠷ ᠲᠦᠭᠦᠷᠢᠭ ᠤᠨ ᠲᠤᠯᠤᠭᠠᠨ ᠠᠵᠦ ᠦᠢᠯᠡᠰ ︾ ᠢ ᠬᠦᠴᠦᠯᠡᠨ ᠬᠦᠭᠵᠢᠭᠦᠯᠦᠨ᠎ᠡ᠃ ᠤᠯᠠᠮᠵᠢᠯᠠᠯᠲᠦ ᠠᠵᠦ ᠦᠢᠯᠡᠰ ᠢ ᠦᠭᠡᠷᠡᠴᠢᠯᠡᠨ ᠳᠡᠭᠡᠭᠰᠢᠯᠡᠭᠦᠯᠦᠨ᠎ᠡ᠃ ᠺᠧ ᠴᠢᠨ ᠸᠠᠨ ᠵᠢᠶᠠ᠂ ᠴᠢᠶᠠᠨ ᠪᠠᠢ ᠸᠧᠢ᠂ ᠮᠧᠩ ᠵᠢᠶᠠ ᠠᠮᠤ ᠲᠤᠰᠦ ᠵᠡᠷᠭᠡ ᠢᠳᠡᠭᠡᠨ ᠦᠢᠯᠡᠳᠪᠦᠷᠢᠯᠡᠬᠦ ᠠᠵᠦ ᠠᠬᠤᠶᠢᠯᠠᠯ ᠢ ᠦᠨᠳᠦᠷ ᠳᠡᠰ ᠵᠦᠭ ᠬᠦᠭᠵᠢᠭᠦᠯᠬᠦ ᠶᠢ ᠲᠡᠳᠭᠦᠵᠦ᠂ ᠠᠷᠢᠬᠢ᠂ ᠲᠠᠮᠠᠬᠢ᠂ ᠷᠠᠰᠢᠶᠠᠨ ᠤᠰᠥ᠂ ᠤᠮᠳᠠᠭᠠᠨ ᠵᠡᠷᠭᠡ ᠠᠵᠦ ᠦᠢᠯᠡᠰ ᠢ ᠬᠦᠴᠦᠷᠬᠡᠭᠵᠢᠭᠦᠯᠬᠦ ᠶᠢ ᠲᠡᠳᠭᠦᠵᠦ᠂ ᠲᠠᠮᠠᠬᠢᠨ ᠦᠢᠯᠡᠳᠪᠦᠷᠢ ᠶᠢᠨ ᠦᠨᠳᠦᠷ ᠳᠡᠰ ᠤᠨ ᠪᠦᠳᠦᠭᠡᠭᠳᠡᠭᠦᠨ ᠤ ᠬᠤᠪᠢ ᠶᠢᠨ ᠵᠢᠩ ᠢ ᠨᠡᠮᠡᠭᠳᠡᠭᠦᠯᠬᠦ ᠶᠢ ᠵᠤᠬᠢᠴᠠᠭᠤᠯᠤᠨ᠂ ᠬᠤᠸᠠ ᠷᠦᠨ ᠰᠢᠤᠸᠠᠢ ᠬᠤᠸᠠ᠂ ᠷᠠᠰᠢᠶᠠᠨ ᠨᠡᠷᠡᠮᠵᠢᠳᠦ ᠷᠠᠰᠢᠶᠠᠨ ᠤᠰᠤᠨ ᠦᠢᠯᠡᠳᠪᠦᠷᠢ ᠶᠢᠨ ᠦᠢᠯᠡᠳᠪᠦᠷᠢᠯᠡᠯ ᠤᠨ ᠬᠦᠴᠦᠨ ᠢ ᠨᠡᠮᠡᠭᠳᠡᠭᠦᠯᠬᠦ ᠲᠤᠭᠤᠷᠢᠨ ᠳᠤ ᠳᠡᠰ ᠳᠡᠪᠰᠢᠭᠦᠯᠤᠨ ᠦᠭᠡᠷᠡᠴᠢᠯᠡᠨ᠎ᠡ᠂ ᠮᠧᠩ ᠨᠢᠦ ᠦᠢᠯᠡᠳᠪᠦᠷᠢ ᠶᠠᠰᠣ ᠴᠢᠨᠠᠷ ᠢᠶᠠᠨ ᠳᠡᠭᠡᠭᠰᠢᠯᠡᠭᠦᠯᠤᠨ ᠦᠷ᠎ᠡ ᠠᠰᠢᠭ ᠢᠶᠠᠨ ᠨᠡᠮᠡᠭᠳᠡᠭᠦᠯᠬᠦ ᠲᠤᠭᠤᠷᠢᠨ ᠳᠤ ᠦᠨᠳᠦᠷ ᠳᠡᠰ ᠤᠨ ᠰᠦ᠋ ᠦᠢᠯᠡᠳᠪᠦᠷᠢᠯᠡᠬᠦ ᠱᠤᠭᠤᠮ ᠢ ᠪᠠᠶᠢᠭᠤᠯᠤᠨ᠎ᠠ᠂ ᠤᠯᠠᠭᠠᠨᠬᠤᠲᠡ ᠪᠤᠯᠤᠳ ᠲᠡᠮᠦᠷ ᠤᠨ ᠦᠢᠯᠡᠳᠪᠦᠷᠢ᠂ ᠬᠤᠩ ᠳ᠋ᠠ ᠭᠡᠪᠴᠢᠬᠦᠯᠤᠨ ᠴᠢᠳᠬᠤᠬᠤ ᠦᠢᠯᠡᠳᠪᠦᠷᠢ ᠦᠢᠯᠡᠳᠪᠦᠷᠢᠯᠡᠯ ᠤᠨ ᠬᠦᠴᠦᠨ ᠢᠶᠠᠨ ᠢᠯᠭᠠᠷᠠᠭᠤᠯᠬᠤ ᠶᠢᠨ ᠲᠤᠭᠤᠷᠢᠨ ᠳᠤ᠂ ᠮᠡᠷᠭᠡᠵᠢᠯ ᠤᠨ ᠦᠭᠡᠷᠡᠴᠢᠯᠡᠯᠳᠡ ᠶᠢᠨ ᠳᠡᠰ ᠳᠡᠪᠰᠢᠭᠦᠯᠬᠦ ᠶᠢ ᠲᠦᠷᠭᠡᠳᠭᠡᠨ᠎ᠡ᠃ ᠰᠢᠨ᠎ᠡ ᠪᠠᠷ ᠬᠦᠭᠵᠢᠭᠰᠡᠨ ᠠᠵᠦ ᠦᠢᠯᠡᠰ ᠢ ᠶᠡᠬᠡᠪᠡᠷ ᠬᠦᠭᠵᠢᠭᠦᠯᠦᠨ᠎ᠡ᠃ ᠰᠢᠨ᠎ᠡ ᠡᠨᠧᠷᠬᠢ ᠶᠢᠨ ᠰᠤᠷᠪᠤᠯᠵᠢ ᠶᠢᠨ ᠠᠵᠦ ᠦᠢᠯᠡᠰ ᠲᠤᠮᠳᠠᠳᠤ ᠤᠯᠤᠰ ᠤᠨ ᠠᠮᠤ ᠪᠤᠳᠠᠭᠠᠨ ᠤ ᠺᠤᠮᠫᠠᠨᠢ ᠶᠢᠨ 60 ᠲᠦᠮᠡᠨ ᠲᠤᠨ ᠡᠷᠳᠡᠨᠢ ᠰᠢᠰᠢ ᠲᠦᠯᠡᠰᠢᠨ ᠡᠲ᠋ᠢᠯ ᠠᠯᠺᠦᠤᠯ᠂ ᠵᠦᠩ ᠭᠤᠸᠠᠩ ᠾᠧ ᠦᠢᠯᠡᠳᠪᠦᠷᠢ ᠶᠢᠨ ᠡᠳᠦᠷ ᠪᠦᠷᠢ 50 ᠲᠦᠮᠡᠨ ᠪᠤᠰᠤᠭ᠎ᠠ ᠲᠦᠷᠪᠡᠯᠵᠢᠨ ᠮᠧᠳ᠋ᠷ ᠤᠨ ᠠᠮᠢᠳᠤ ᠪᠤᠳᠠᠰ ᠤᠨ ᠰᠢᠲᠠᠮᠠᠬᠠᠢ ᠬᠡᠢ ᠦᠢᠯᠡᠳᠬᠦᠷᠢᠯᠡᠬᠦ᠂ 300 ᠲᠦᠮᠡᠨ ᠺᠢᠯᠦᠸᠠᠲ ᠡᠩ ᠤᠨ ᠦᠨ᠎ᠡ ᠶᠢᠨ ᠰᠠᠯᠬᠢᠨ ᠬᠦᠴᠦᠨ ᠤ ᠴᠠᠬᠢᠯᠭᠠᠨ ᠤ ᠰᠠᠭᠤᠷᠢᠨ ᠭᠠᠵᠠᠷ ᠵᠡᠷᠭᠡ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠰᠠᠶᠢᠳᠤᠷ ᠠᠳᠬᠤᠨ᠎ᠠ᠃ ᠠᠮᠢᠳᠦ ᠪᠣᠳᠠᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠠᠵᠦ ᠦᠢᠯᠡᠰ ᠨᠢ ᠪᠠᠢ ᠴᠢᠦ ᠧᠨ ᠡᠮ ᠤᠨ ᠦᠢᠯᠡᠳᠪᠦᠷᠢ᠂ ᠤᠲᠡᠴᠢ ᠮᠤᠩᠭᠤᠯ ᠡᠮ ᠢᠶᠠᠷ ᠬᠦᠳᠦᠴᠢ ᠪᠤᠯᠭᠠᠨ᠂ ᠮᠤᠩᠭᠤᠯ ᠭᠢᠲᠠᠳ ᠡᠮ ᠤᠨ ᠦᠢᠯᠡᠳᠪᠦᠷᠢᠯᠡᠯ᠂ ᠲᠠᠷᠢᠮᠠᠯ ᠤᠨ ᠰᠠᠭᠤᠷᠢᠨ ᠭᠠᠵᠠᠷ ᠤᠨ ᠬᠡᠪᠴᠢᠶ᠎ᠡ ᠶᠢ ᠦᠷᠭᠡᠳᠭᠡᠵᠦ᠂ ᠠᠢ ᠹᠠᠩ ᠮᠥ ᠡᠰᠢ ᠰᠦᠷᠡᠯ ᠢ ᠶᠡᠷᠦᠩᠬᠡᠶᠢᠯᠡᠨ ᠲᠠᠬᠢᠨ ᠠᠰᠢᠭᠯᠠᠬᠤ ᠲᠦᠷᠦᠯ ᠵᠦᠢᠯ ᠤᠨ ᠦᠢᠯᠡᠳᠪᠦᠷᠢᠯᠡᠬᠦ ᠬᠡᠮᠵᠢᠶ᠎ᠡ ᠪᠠ ᠦᠷ᠎ᠡ ᠪᠦᠳᠥᠮᠵᠢ ᠨᠢ ᠬᠢᠷᠢ ᠳᠡᠩᠴᠡᠬᠦ ᠶᠢ ᠲᠦᠯᠬᠢᠨ ᠠᠬᠢᠭᠤᠯᠤᠨ᠎ᠠ᠃ ᠴᠡᠷᠢᠭ ᠠᠷᠠᠳ ᠤᠨ ᠬᠠᠮᠳᠤᠷᠠᠯ ᠤᠨ ᠠᠵᠦ ᠦᠢᠯᠡᠰ ᠨᠢ ᠵᠢᠯᠤᠭᠤᠴᠢ ᠦᠭᠡᠢ ᠮᠠᠰᠢᠨ᠂ ᠮᠠᠰᠢᠨ ᠬᠦᠮᠦᠨ ᠵᠡᠷᠭᠡ ᠲᠡᠷᠢᠭᠦᠨ ᠤ ᠲᠤᠨᠤᠭ ᠲᠦᠬᠦᠭᠡᠷᠦᠮᠵᠢ ᠦᠢᠯᠡᠳᠬᠦ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠨ᠎ᠠ᠃ ᠮᠡᠳᠡᠭᠡ ᠵᠠᠩᠭᠢ ᠶᠢᠨ ᠮᠡᠷᠭᠡᠵᠢᠯ ᠤᠨ ᠠᠵᠦ ᠦᠢᠯᠡᠰ ᠤᠨ ᠤᠶᠤᠨᠴᠢ ᠵᠠᠰᠠᠭ ᠤᠨ ᠶᠠᠪᠤᠳᠠᠯ᠂ ᠤᠶᠤᠨᠴᠢ ᠰᠤᠷᠭᠠᠨ ᠬᠦᠮᠦᠵᠢᠯ᠂ ᠤᠶᠤᠨᠴᠢ ᠡᠷᠡᠭᠦᠯ ᠬᠠᠮᠠᠭᠠᠯᠠᠯ ᠵᠡᠷᠭᠡ ᠲᠤᠮᠤ ᠳ᠋ᠠᠶᠢᠲ᠋ᠠ ᠶᠢ ᠵᠢᠱᠢᠶ᠎ᠡ ᠦᠵᠡᠭᠦᠯᠬᠦ ᠢᠨᠵᠧᠨᠧᠷᠢᠩ ᠳᠤ ᠬᠡᠷᠡᠭᠵᠢᠭᠦᠯᠬᠦ ᠶᠢ ᠪᠡᠶᠡᠯᠡᠭᠦᠯᠦᠨ᠎ᠡ᠃ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠡᠯᠡ ᠤᠷᠤᠭᠤᠯᠤᠯᠳᠠ ᠪᠠᠨ ᠨᠡᠮᠡᠭᠳᠡᠭᠦᠯᠵᠦ᠂ ᠵᠢᠯ ᠳᠤ 8 ᠠᠵᠦ ᠠᠬᠤᠶᠢᠯᠠᠯ ᠤᠨ ᠦᠪᠡᠷᠳᠡᠭᠡᠨ ᠵᠠᠰᠠᠬᠤ ᠤᠷᠤᠨ ᠤ ᠳᠡᠰ ᠤᠨ ︽ᠮᠡᠳᠡᠭᠡ ᠵᠠᠩᠬᠢᠵᠢᠯᠳᠠ ᠪᠠ ᠠᠵᠦ ᠦᠢᠯᠡᠳᠪᠦᠷᠢᠵᠢᠯᠳᠡ ᠶᠢ ᠤᠶᠠᠯᠳᠤᠭᠤᠯᠬᠤ ︾ ᠶᠢ ᠲᠤᠤᠱᠯᠠᠭᠤᠯᠬᠤ ᠲᠤᠷᠰᠢᠯᠲᠡ ᠶᠢᠨ ᠠᠵᠢᠯ ᠢ ᠪᠡᠶᠡᠯᠡᠭᠦᠯᠦᠨ᠎ᠡ᠃ ᠠᠵᠦ ᠦᠢᠯᠡᠳᠪᠦᠷᠢ ᠶᠢᠨ ᠠᠵᠦ ᠠᠬᠤᠢ ᠶᠢᠨ ᠡᠷᠭᠢᠯᠲᠡ ᠶᠢ ᠲᠤᠭᠳᠠᠪᠤᠷᠢᠵᠢᠭᠤᠯᠤᠨ᠎ᠠ᠃ ᠠᠵᠦ ᠠᠬᠤᠶᠢᠯᠠᠯ ᠤᠨ ᠦᠢᠯᠡᠳᠪᠦᠷᠢᠯᠡᠯ ᠤᠨ ᠵᠤᠬᠢᠴᠠᠭᠤᠯᠭ᠎ᠠ ᠶᠢ ᠴᠢᠩᠭᠠᠳᠬᠠᠵᠦ᠂ ︽ᠨᠢᠭᠡ ᠠᠵᠦ ᠠᠬᠤᠶᠢᠯᠠᠯ ᠨᠢᠭᠡ ᠲᠦᠷᠦ ᠶᠢᠨ ᠪᠤᠳᠤᠯᠭ᠎ᠠ ︾ ᠨᠡᠭᠦᠷᠡᠰᠦ᠂ ᠴᠠᠬᠢᠯᠭᠠᠨ᠂ ᠴᠢᠯᠠᠭᠤᠨ ᠲᠤᠰᠦ᠂ ᠲᠡᠭᠡᠭᠡᠪᠦᠷᠢ ᠵᠡᠷᠭᠡ ᠦᠢᠯᠡᠳᠪᠦᠷᠢᠯᠡᠯ ᠤᠨ ᠡᠯᠧᠮᠧᠨ᠋ᠲ ᠤᠨ ᠪᠠᠳᠤᠯᠠᠭ᠎ᠠ ᠶᠢ ᠴᠢᠩᠭᠠᠳᠬᠠᠵᠦ᠂ ᠤᠯᠠᠭᠠᠨ᠂ ᠪᠦᠸᠧ ᠶᠤᠸᠠᠨ ᠵᠡᠷᠭᠡ ᠠᠵᠦ ᠠᠬᠤᠶᠢᠯᠠᠯ ᠤᠨ ᠲᠤᠭᠲᠠᠭᠤᠨ ᠦᠢᠯᠡᠳᠪᠦᠷᠢᠯᠡᠬᠦ ᠶᠢ ᠪᠠᠲᠤᠯᠠᠨ᠎ᠠ᠃ ᠪᠦᠬᠦ ᠵᠢᠯ ᠳᠡᠭᠡᠨ 3 ᠳ᠋ᠦᠩᠰᠢᠭᠤᠷ ᠲᠦᠭᠦᠷᠢᠭ ᠤᠨ ᠪᠠᠳᠤᠯᠠᠪᠤᠷᠢ ᠶᠢᠨ ᠵᠢᠭᠡᠯᠡᠯᠭᠡ ᠶᠢᠨ ᠮᠦᠩᠭᠦ ᠲᠠᠷᠬᠠᠭᠠᠵᠦ᠂ ᠠᠵᠦ ᠠᠬᠤᠶᠢᠯᠠᠯ ᠤᠨ ᠪᠡᠯᠡ ᠤᠷᠤᠭᠤᠯᠬᠤ ᠦᠪᠡᠷ ᠤᠨ ᠦᠷᠲᠡᠭ ᠢ ᠪᠠᠭᠤᠷᠠᠭᠤᠯᠤᠨ᠎ᠠ᠃ ᠲᠤᠮᠤ ᠠᠵᠦ ᠦᠢᠯᠡᠳᠪᠦᠷᠢ ᠶᠢᠨ ᠴᠠᠬᠢᠯᠭᠠᠨ ᠬᠡᠷᠡᠭᠯᠡᠬᠦ ᠠᠵᠦ ᠠᠬᠤᠶᠢᠯᠠᠯ ᠤᠨ ᠦᠪᠦᠷ ᠮᠤᠩᠭᠤᠯ ᠤᠨ ᠵᠡᠭᠦᠨ ᠬᠡᠰᠡᠭ ᠤᠨ ᠭᠠᠵᠠᠷ ᠤᠷᠤᠨ ᠤ ᠴᠠᠬᠢᠯᠭᠠᠨ ᠬᠦᠴᠦᠨ ᠤ ᠬᠢᠨ ᠲᠠᠢ ᠰᠢᠭᠤᠳ ᠠᠷᠠᠯᠵᠢᠶᠠᠯᠠᠬᠤ ᠶᠢ ᠢᠳᠡᠪᠬᠢᠲᠡᠢ ᠲᠦᠯᠬᠢᠨ ᠠᠬᠢᠭᠤᠯᠵᠦ᠂ ᠰᠢᠭᠤᠳ ᠴᠠᠬᠢᠯᠭᠠᠨ ᠬᠠᠩᠭᠠᠬᠤ ᠲᠤᠮᠤ ᠠᠵᠦ ᠠᠬᠤᠶᠢᠯᠠᠯ ᠢ ᠰᠢᠨ᠎ᠡ ᠪᠠᠷ 7 ᠨᠡᠮᠡᠭᠳᠡᠭᠦᠯᠦᠨ᠎ᠡ᠃ ᠠᠵᠦ ᠠᠬᠤᠢ ᠶᠢᠨ ᠲᠤᠭ᠎ᠠ ᠪᠠᠷᠢᠮᠳᠠ ᠶᠢᠨ ᠵᠠᠳᠠᠯᠤᠯᠳᠠ ᠪᠠ ᠪᠠᠶᠢᠳᠠᠯ ᠢ ᠤᠶᠢᠯᠠᠭᠠᠬᠤ ᠠᠵᠢᠯ ᠢ ᠰᠠᠶᠢᠳᠤᠷ ᠬᠢᠵᠦ᠂ ᠪᠦᠬᠦ ᠤᠯᠤᠰ ᠤᠨ ᠳᠦᠷᠪᠡᠳᠦᠭᠡᠷ ᠤᠳᠠᠭᠠᠨ ᠤ ᠠᠵᠦ ᠠᠬᠤᠢ ᠶᠢᠨ ᠨᠡᠶᠢᠳᠡᠮ ᠪᠠᠶᠢᠴᠠᠭᠠᠯᠲᠠ ᠶᠢ ᠪᠦᠬᠦ ᠲᠠᠯ᠎ᠠ ᠪᠠᠷ ᠦᠷᠨᠢᠭᠦᠯᠦᠨ᠎ᠡ᠃ ᠤᠷᠤᠨ ᠲᠤᠭᠤᠷᠢᠭ ᠤᠨ ᠬᠦᠴᠦᠷᠬᠡᠭᠵᠢᠯᠳᠡ ᠶᠢ ᠲᠦᠯᠬᠢᠨ ᠠᠬᠢᠭᠤᠯᠤᠨ᠎ᠠ᠃ ᠠᠶᠢᠮᠠᠭ ᠤᠨ ᠨᠡᠭᠡᠭᠡᠯᠲᠡ ᠶᠢᠨ ᠲᠤᠭᠤᠷᠢᠭ ᠢᠶᠠᠷ ᠪᠡᠶᠡᠴᠢ ᠴᠤᠭᠴᠠ ᠪᠤᠯᠭᠠᠨ᠂ ᠤᠯᠠᠭᠠᠨᠬᠤᠳᠠ᠂ ᠡᠮᠦᠨᠡᠲᠦ ᠬᠤᠰᠢᠭᠤ ᠶᠢᠨ ᠲᠤᠭᠤᠷᠢᠭ ᠢᠶᠠᠷ ᠭᠤᠤᠯ ᠪᠤᠯᠭᠠᠵᠦ᠂ ᠪᠤᠰᠤᠳ ᠬᠤᠰᠢᠭᠤ ᠰᠢᠶᠠᠨ ᠬᠤᠳᠠ ᠶᠢᠨ ᠲᠤᠭᠤᠷᠢᠭ ᠢᠶᠠᠷ ᠲᠤᠯᠭᠠᠭᠤᠷᠢ ᠪᠤᠯᠭᠠᠭᠰᠠᠨ ︽ᠨᠢᠭᠡ ᠴᠤᠭᠴᠠ ᠬᠤᠶᠠᠷ ᠲᠠᠯ᠎ᠠ᠂ ᠤᠯᠠᠨ ᠲᠠᠯ᠎ᠠ ᠪᠠᠷ ᠲᠤᠯᠭᠠᠭᠤᠷᠢ ᠪᠤᠯᠭᠠᠭᠰᠠᠨ ︾ ᠤᠷᠤᠨ ᠵᠠᠢ ᠶᠢᠨ ᠪᠠᠶᠢᠷᠢᠯᠠᠭᠤᠯᠤᠯᠲᠠ ᠶᠢᠨ ᠶᠤᠰᠤᠭᠠᠷ᠂ ᠠᠵᠦ ᠦᠢᠯᠡᠰ ᠤᠨ ᠲᠤᠭᠤᠷᠢᠭ ᠵᠦᠭ ᠲᠦᠪᠯᠡᠷᠡᠬᠦ᠂ ᠭᠤᠤᠯ ᠡᠯᠧᠮᠧᠨ᠋ᠲ ᠤᠨ ᠲᠤᠭᠤᠷᠢᠭ ᠵᠦᠭ ᠴᠤᠭᠯᠠᠷᠠᠬᠤ ᠶᠢ ᠲᠦᠯᠬᠢᠨ ᠠᠬᠢᠭᠤᠯᠵᠦ᠂ ᠰᠠᠭᠤᠷᠢ ᠲᠦᠬᠦᠭᠡᠷᠦᠮᠵᠢ ᠶᠢ ᠬᠠᠮᠳᠤᠪᠡᠷ ᠪᠠᠶᠢᠭᠤᠯᠤᠨ ᠬᠠᠮᠳᠤᠪᠡᠷ ᠡᠳ᠋ᠯᠡᠨ᠎ᠡ᠃ ᠠᠶᠢᠮᠠᠭ ᠤᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠤᠭᠤᠷᠢᠭ ᠤᠨ ᠵᠠᠰᠠᠮᠡᠯ ᠵᠠᠮ ᠲᠡᠮᠦᠷ ᠵᠠᠮ᠂ ᠤᠰᠦ ᠬᠠᠩᠭᠠᠬᠤ ᠢᠯᠴᠢ ᠬᠠᠩᠭᠠᠬᠤ᠂ ᠪᠤᠵᠠᠷ ᠣᠰᠣ ᠦᠯᠡᠳᠡᠭᠳᠡᠯ ᠰᠢᠭᠠᠷᠤ ᠶᠢᠨ ᠲᠡᠯᠡᠪᠤᠷ᠂ ᠠᠮᠢᠳᠤᠷᠠᠯ ᠤᠨ ᠦᠢᠯᠡᠴᠢᠯᠡᠭᠡᠨ ᠤ ᠪᠦᠲᠦᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠪᠡᠶᠡᠯᠡᠭᠦᠯᠵᠦ᠂ ᠵᠢᠯ ᠳᠤ ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ 52 ᠳ᠋ᠦᠩᠰᠢᠭᠤᠷ ᠲᠦᠭᠦᠷᠢᠭ᠂ 8 ᠲᠦᠷᠢᠮᠵᠢᠭᠰᠡᠨ ᠠᠵᠦ ᠠᠬᠤᠶᠢᠯᠠᠯ ᠢ ᠪᠠᠶᠢᠭᠤᠯᠵᠤ᠂ ᠪᠦᠬᠦ ᠠᠶᠢᠮᠠᠭ ᠤᠨ ᠠᠵᠦ ᠦᠢᠯᠡᠳᠪᠦᠷᠢ ᠶᠢᠨ ᠬᠦᠭᠵᠢᠯᠳᠡ ᠶᠢᠨ ᠦᠰᠦᠯᠳᠡ ᠶᠢ ᠲᠦᠷᠭᠡᠳᠭᠡᠨ᠎ᠡ᠃ ︽ᠤᠷᠤᠨ ᠠᠯᠤᠰᠯᠠᠭᠰᠠᠨ ᠠᠵᠦ ᠠᠬᠤᠢ ︾  ᠶᠢ ᠢᠳᠡᠪᠬᠢᠲᠡᠢ ᠬᠦᠭᠵᠢᠭᠦᠯᠵᠦ᠂ ᠡᠯ᠎ᠡ ᠬᠤᠰᠢᠭᠤ ᠰᠢᠶᠠᠨ ᠬᠤᠳᠠ ᠶᠢᠨ ᠬᠤᠳᠠᠯᠳᠤᠭᠠᠴᠢᠨ ᠤᠷᠢᠵᠦ ᠪᠡᠯᠡ ᠤᠷᠤᠭᠤᠯᠬᠤ ᠲᠦᠷᠦᠯ ᠵᠦᠢᠯ ᠢ ᠠᠵᠦ ᠦᠢᠯᠡᠰ ᠤᠨ ᠲᠦᠷᠥᠯ ᠬᠤᠪᠢᠶᠠᠬᠤ ᠶᠤᠰᠤᠭᠠᠷ ᠠᠶᠢᠮᠠᠭ ᠤᠨ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠲᠤᠭᠤᠷᠢᠭ ᠪᠠ ᠬᠤᠰᠢᠭᠤ ᠰᠢᠶᠠᠨ ᠬᠤᠳᠠ ᠶᠢᠨ ᠤᠷᠤᠨ ᠲᠤᠭᠤᠷᠢᠭ ᠲᠤ ᠤᠷᠤᠭᠤᠯᠵᠦ᠂ ᠠᠴᠢ ᠭᠠᠪᠢᠶ᠎ᠠ ᠶᠢ ᠨᠢ ᠲᠤᠰ ᠲᠤᠰ ᠲᠤᠨᠢ ᠲᠡᠮᠳᠡᠭᠯᠡᠵᠦ᠂ ᠭᠠᠶᠢᠯᠢ ᠬᠤᠷᠢᠶᠠᠬᠤ ᠶᠢ ᠬᠤᠪᠢᠶᠠᠷᠢᠯᠠᠨ᠎ᠠ᠃     ᠭᠤᠷᠪᠠ ᠳᠤ᠂ ᠦᠢᠯᠡᠴᠢᠯᠡᠭᠡ ᠶᠢᠨ ᠦᠢᠯᠡᠰ ᠤᠨ ᠬᠦᠭᠵᠢᠯᠳᠡ ᠶᠢ ᠴᠢᠩᠭᠠᠳᠬᠠᠨ᠎ᠠ᠃ ᠵᠠᠬ᠎ᠠ ᠲᠡᠯᠭᠡᠭᠦᠷ ᠤᠨ ᠪᠠᠶᠢᠳᠠᠯ ᠢ ᠤᠶᠢᠯᠠᠭᠠᠵᠦ᠂ ᠬᠡᠷᠡᠭᠯᠡᠭᠡᠨ ᠤ ᠱᠠᠭᠠᠷᠳᠠᠯᠭ᠎ᠠ ᠲᠠᠢ ᠵᠤᠬᠢᠴᠠᠬᠤ᠂ ᠤᠷᠤᠨ ᠨᠤᠳᠤᠭ ᠤᠨ ᠦᠪᠡᠷᠮᠢᠴᠡ ᠤᠨᠴᠠᠯᠢᠭ ᠪᠦᠬᠦᠢ ᠤᠳᠤ ᠦᠶ᠎ᠡ ᠶᠢᠨ ᠦᠢᠯᠡᠴᠢᠯᠡᠭᠡᠨ ᠤ ᠦᠢᠯᠡᠰ ᠢ ᠬᠦᠭᠵᠢᠭᠦᠯᠦᠨ᠎ᠡ᠃ ᠵᠤᠭᠠᠴᠠᠯ ᠤᠨ ᠦᠢᠯᠡᠰ ᠤᠨ ᠴᠢᠨᠠᠷ ᠰᠠᠶᠢᠲᠠᠢ ᠦᠰᠦᠷᠦᠩᠭᠦᠢ ᠬᠦᠭᠵᠢᠯᠳᠡ ᠶᠢ ᠲᠦᠯᠬᠢᠨ ᠠᠬᠢᠭᠤᠯᠤᠨ᠎ᠠ᠃ ᠡᠬᠢ ᠪᠠᠶᠠᠯᠢᠭ ᠤᠨ ᠲᠠᠪᠠᠭᠤᠯᠢᠭ ᠲᠠᠭᠠᠨ ᠰᠠᠭᠤᠷᠢᠯᠠᠨ᠂ ︽ᠤᠯᠠᠭᠠᠨᠬᠤᠳᠠ ᠷᠠᠰᠢᠶᠠᠨ ᠬᠠᠶᠢᠯᠠᠷ ᠮᠠᠨᠵᠤᠤᠷ ︾ ᠤᠨ ᠵᠤᠭᠠᠴᠠᠯ ᠤᠨ ᠬᠠᠮᠳᠤᠷᠠᠯ ᠢ ᠠᠬᠢᠭᠤᠯᠤᠨ᠂ ᠰᠣᠶᠤᠯ ᠵᠤᠭᠠᠴᠠᠯ ᠤᠨ ᠠᠭᠤᠰᠤᠯᠴᠠᠯ ᠢ ᠠᠬᠢᠭᠤᠯᠤᠨ᠂ ᠵᠠᠮ ᠱᠤᠭᠤᠮ ᠬᠠᠷᠢᠯᠴᠠᠨ ᠨᠡᠪᠳᠡᠷᠡᠬᠦ᠂ ᠵᠤᠭᠠᠴᠠᠭᠰᠠᠳ ᠤᠨ ᠡᠬᠢ ᠪᠠᠶᠠᠯᠢᠭ ᠬᠠᠷᠢᠯᠴᠠᠨ ᠰᠤᠯᠢᠯᠴᠠᠬᠤ᠂ ᠦᠢᠯᠡᠳᠭᠦᠨ ᠬᠠᠷᠢᠯᠴᠠᠨ ᠨᠦᠬᠦᠪᠦᠷᠢᠯᠡᠬᠦ ᠨᠢᠭᠡᠳᠦᠯᠲᠠᠢ ᠵᠤᠭᠠᠴᠠᠯ ᠤᠨ ᠵᠠᠬ᠎ᠠ ᠲᠡᠯᠭᠡᠭᠦᠷ ᠢ ᠪᠦᠷᠢᠯᠳᠦᠭᠦᠯᠦᠨ᠎ᠡ᠃ ᠷᠠᠰᠢᠶᠠᠨ ᠲᠠᠭᠠᠭᠤᠯᠤᠨ ᠲᠠᠶᠢᠴᠢᠯᠠᠬᠤ ᠦᠢᠯᠡᠳᠦᠯ ᠢᠶᠠᠨ ᠪᠠᠳᠠᠷᠠᠭᠤᠯᠵᠦ᠂ ᠰᠢᠨ᠎ᠡ ᠬᠡᠯᠪᠡᠷᠢ ᠶᠢᠨ ᠦᠨᠳᠦᠷ ᠲᠡᠰ ᠤᠨ ᠵᠤᠭᠠᠴᠠᠯ ᠤᠨ ᠲᠦᠷᠦᠯ ᠵᠦᠢᠯ ᠢ ᠬᠡᠷᠡᠭᠵᠢᠭᠦᠯᠬᠦ ᠶᠢ ᠲᠦᠷᠭᠡᠳᠭᠡᠵᠦ᠂ ᠲᠠᠪᠠᠭᠤᠯᠢᠭ ᠲᠠᠯ᠎ᠠ ᠪᠠᠷ ᠢᠶᠠᠨ ᠬᠠᠷᠢᠯᠴᠠᠨ ᠨᠦᠬᠦᠪᠦᠷᠢᠯᠡᠬᠦ᠂ ᠲᠦᠷᠪᠡᠨ ᠤᠯᠠᠷᠢᠯ ᠳᠤ ᠲᠡᠩᠴᠡᠭᠦᠷᠢᠲᠠᠢ ᠵᠤᠭᠠᠴᠠᠯ ᠤᠨ ᠬᠦᠭᠵᠢᠯᠳᠡ ᠶᠢᠨ ᠰᠢᠨ᠎ᠡ ᠲᠤᠭᠲᠠᠴᠠ ᠶᠢ ᠪᠦᠷᠢᠯᠳᠦᠭᠦᠯᠦᠨ᠎ᠡ᠃ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠬᠤᠷᠴᠢᠨ ᠲᠠᠯ᠎ᠠ ᠨᠤᠳᠤᠭ ᠤᠨ ᠵᠤᠭᠠᠴᠠᠯ ᠤᠨ ᠪᠦᠰᠡ ᠶᠢ ᠪᠠᠶᠢᠭᠤᠯᠵᠦ᠂ ᠤᠯᠠᠭᠠᠨᠬᠤᠳᠠ ᠲᠦᠪ ᠬᠤᠳᠠ ᠶᠢᠨ ᠦᠢᠯᠡᠳᠦᠯ ᠢᠶᠠᠨ ᠪᠠᠳᠠᠷᠠᠭᠤᠯᠵᠦ᠂ ᠪᠦᠬᠦ ᠤᠷᠤᠨ ᠪᠦᠰᠡ᠂ ᠡᠷᠭᠢᠨ ᠲᠤᠭᠤᠷᠢᠨ ᠢ ᠨᠦᠯᠦᠭᠡᠯᠡᠬᠦ᠂ ᠬᠤᠰᠢᠭᠤ ᠰᠢᠶᠠᠨ ᠬᠤᠳᠠ ᠶᠢᠨ ᠵᠤᠭᠠᠴᠠᠯ ᠤᠨ ᠲᠦᠪᠯᠡᠷᠡᠭᠦᠯᠵᠦ ᠲᠠᠷᠬᠠᠭᠠᠬᠤ ᠭᠠᠵᠠᠷ ᠢ ᠪᠦᠷᠢᠯᠳᠦᠭᠦᠯᠦᠨ᠎ᠡ᠃ ᠪᠤᠰᠤᠳ ᠬᠤᠰᠢᠭᠤ ᠰᠢᠶᠠᠨ ᠬᠤᠳᠠ 1 ᠠᠴᠠ 2 ᠨᠡᠷ᠎ᠡ ᠲᠡᠮᠲᠡᠭᠳᠦ ᠦᠵᠡᠮᠵᠢᠳᠦ ᠤᠷᠤᠨ ᠢ ᠢᠳᠡᠪᠬᠢᠲᠠᠢ ᠰᠦᠪᠡᠭᠴᠢᠯᠡᠵᠦ᠂ ᠴᠡᠭ ᠱᠤᠭᠤᠮ ᠢ ᠤᠶᠠᠯᠳᠤᠭᠤᠯᠤᠨ᠂ ᠪᠦᠬᠦ ᠤᠷᠤᠨ ᠢ ᠪᠦᠷᠬᠦᠭᠰᠡᠨ ᠵᠤᠭᠠᠴᠠᠯ ᠤᠨ ᠱᠤᠭᠤᠮ ᠢ ᠪᠠᠶᠢᠷᠢᠰᠢᠭᠤᠯᠤᠨ᠎ᠠ᠃ ᠠᠶᠢᠮᠠᠭ ᠤᠨ ᠲᠤᠳᠤᠭᠠᠳᠤ ᠶᠢᠨ ᠵᠤᠭᠠᠴᠠᠯ ᠤᠨ ᠵᠠᠮ ᠱᠤᠭᠤᠮ ᠲᠠᠭᠠᠤ ᠤᠷᠴᠢᠨ ᠲᠤᠭᠤᠷᠢᠨ ᠤ ᠠᠷᠢᠭᠤᠨ ᠴᠡᠪᠡᠷ᠂ ᠵᠤᠭᠠᠴᠠᠯ ᠤᠨ ᠲᠠᠨᠢᠯᠴᠠᠭᠤᠯᠭ᠎ᠠ ᠶᠢᠨ ᠲᠡᠮᠲᠡᠭ᠂ ᠵᠤᠭᠠᠴᠠᠯ ᠤᠨ ᠦᠷᠳᠡᠭᠡ ᠵᠡᠷᠭᠡ ᠤᠯᠠᠨ ᠨᠡᠶᠢᠳᠡ ᠶᠢᠨ ᠦᠢᠯᠡᠴᠢᠯᠡᠭᠡᠨ ᠤ ᠰᠢᠰᠲ᠋ᠧᠮ ᠢ ᠲᠡᠭᠦᠯᠳᠡᠷᠵᠢᠭᠦᠯᠵᠦ᠂ ᠤᠯᠠᠭᠠᠨᠬᠤᠳᠠ᠂ ᠷᠠᠰᠢᠶᠠᠨ 2 ᠶᠡᠷᠦᠩᠬᠡᠶᠢᠯᠡᠭᠰᠡᠨ ᠴᠢᠨᠠᠷᠲᠠᠢ ᠵᠤᠭᠠᠴᠠᠭᠰᠠᠳ ᠢ ᠲᠦᠪᠯᠡᠷᠡᠭᠦᠯᠵᠦ ᠲᠠᠷᠬᠠᠭᠠᠬᠤ ᠲᠦᠪ ᠢ ᠪᠠᠶᠢᠭᠤᠯᠤᠨ᠎ᠠ᠃ ᠵᠤᠭᠠᠴᠠᠯ ᠤᠨ ᠡᠬᠢ ᠪᠠᠶᠠᠯᠢᠭ ᠤᠨ ᠡᠳ᠋ ᠬᠦᠷᠦᠩᠭᠡᠵᠢᠭᠦᠯᠦᠨ ᠠᠵᠢᠯᠯᠠᠭᠤᠯᠬᠤ ᠶᠢ ᠲᠦᠷᠭᠡᠳᠭᠡᠨ᠂ ᠰᠣᠶᠤᠯ ᠵᠤᠭᠠᠴᠠᠯ ᠤᠨ ᠪᠦᠯᠦᠭᠯᠡᠯ ᠢ ᠵᠤᠬᠢᠶᠠᠨ ᠪᠠᠶᠢᠭᠤᠯᠤᠨ᠂ ᠵᠤᠭᠠᠴᠠᠯ ᠤᠨ ᠦᠢᠯᠡᠰ ᠤᠨ ᠰᠠᠭᠤᠷᠢ ᠮᠦᠩᠬᠦ ᠶᠢ ᠪᠠᠶᠢᠭᠤᠯᠵᠦ᠂ ᠦᠵᠡᠮᠵᠢ ᠶᠢᠨ ᠤᠷᠤᠨ᠂ ᠦᠵᠡᠮᠵᠢ ᠶᠢᠨ ᠴᠡᠭ ᠤᠨ ᠰᠢᠨ᠎ᠡ ᠶᠢ ᠡᠭᠦᠳᠬᠦ ᠬᠦᠭᠵᠢᠯᠳᠡ ᠶᠢ ᠲᠦᠯᠬᠢᠨ ᠠᠬᠢᠭᠤᠯᠤᠨ᠎ᠠ᠃ ᠵᠤᠭᠠᠴᠠᠯ ᠤᠨ ᠱᠤᠭᠤᠮ ᠤᠨ ᠪᠦᠳᠦᠭᠡᠭᠳᠡᠭᠦᠨ ᠤ ᠡᠵᠡᠩᠨᠡᠨ ᠪᠤᠷᠤᠯᠠᠭᠤᠯᠬᠤ ᠶᠢ ᠴᠢᠩᠭᠠᠳᠬᠠᠨ᠂ ᠵᠤᠭᠠᠴᠠᠭᠰᠠᠳ ᠤᠨ ᠵᠠᠬ᠎ᠠ ᠲᠡᠯᠭᠡᠭᠦᠷ ᠤᠨ ᠤᠬᠠᠭᠤᠯᠭ᠎ᠠ ᠲᠠᠨᠢᠯᠴᠠᠭᠤᠯᠭ᠎ᠠ ᠶᠢ ᠦᠷᠭᠡᠳᠭᠡᠵᠦ᠂ ᠡᠪᠦᠯ ᠤᠨ ᠤᠯᠠᠷᠢᠯ ᠤᠨ ᠵᠤᠭᠠᠴᠠᠯ ᠢᠶᠠᠷ ᠪᠦᠬᠦ ᠤᠷᠤᠨ ᠪᠦᠰᠡ ᠶᠢᠨ ᠵᠤᠭᠠᠴᠠᠯ ᠢ ᠬᠦᠭᠵᠢᠭᠦᠯᠵᠦ᠂ ᠪᠦᠬᠦ ᠵᠢᠯ ᠤᠨ ᠵᠤᠭᠠᠴᠠᠯ ᠤᠨ ᠤᠷᠤᠯᠭ᠎ᠠ ᠪᠠ ᠬᠦᠮᠦᠨ ᠤ ᠲᠤᠭ᠎ᠠ ᠶᠢ 20% ᠠᠴᠠ ᠲᠡᠭᠡᠭᠰᠢ ᠪᠠᠶᠢᠯᠭᠠᠬᠤ ᠶᠢ ᠪᠠᠳᠤᠯᠠᠵᠦ᠂ 5 ᠵᠢᠯ ᠤᠨ ᠬᠤᠭᠤᠴᠠᠭᠠᠨ ᠳᠤ ᠪᠦᠬᠦ ᠠᠶᠢᠮᠠᠭ ᠤᠨ ᠵᠤᠭᠠᠴᠠᠯ ᠤᠨ ᠤᠷᠤᠯᠭ᠎ᠠ 200 ᠳ᠋ᠦᠩᠰᠢᠭᠤᠷ ᠲᠦᠭᠦᠷᠢᠭ ᠲᠤ ᠬᠦᠷᠬᠦ᠂ ᠵᠤᠭᠠᠴᠠᠭᠰᠠᠳ ᠤᠨ ᠲᠤᠭ᠎ᠠ 2000 ᠲᠦᠮᠡᠨ ᠬᠦᠮᠦᠨ ᠤᠳᠠᠭ᠎ᠠ ᠳᠤ ᠬᠦᠷᠬᠦ ᠶᠢ ᠪᠠᠶᠡᠯᠡᠭᠦᠯᠬᠦ ᠪᠠᠷ ᠴᠢᠷᠮᠠᠶᠢᠨ ᠠᠵᠢᠯᠯᠠᠵᠦ᠂ ᠬᠤᠶᠠᠷ ᠲᠠᠬᠢᠨ ᠢᠶᠠᠷ ᠨᠡᠮᠡᠭᠳᠡᠭᠦᠯᠬᠦ ᠬᠠᠷᠠᠯᠳᠠ ᠶᠢ ᠪᠡᠶᠡᠯᠡᠭᠦᠯᠦᠨ᠎ᠡ᠃ ᠤᠳᠤ ᠦᠶ᠎ᠡ ᠶᠢᠨ ᠮᠦᠩᠭᠦᠨ ᠭᠦᠢᠯᠭᠡᠭᠡᠨ ᠤ ᠦᠢᠯᠡᠴᠢᠯᠡᠭᠡᠨ ᠤ ᠦᠢᠯᠡᠰ ᠢ ᠶᠡᠬᠡᠪᠡᠷ ᠬᠦᠭᠵᠢᠭᠦᠯᠦᠨ᠎ᠡ᠃ ᠬᠦᠳᠡᠭᠡ ᠲᠤᠰᠬᠤᠨ ᠮᠠᠯᠵᠢᠬᠤ ᠤᠷᠤᠨ ᠤ ᠢᠳᠡᠭᠡᠮᠵᠢ ᠶᠢᠨ ᠬᠤᠷᠰᠢᠶ᠎ᠠ ᠶᠢᠨ ᠠᠷᠠᠯᠵᠢᠶᠠᠵᠢᠯᠳᠠ ᠶᠢᠨ ᠦᠭᠡᠷᠡᠴᠢᠯᠡᠯᠳᠡ ᠶᠢ ᠲᠦᠷᠭᠡᠳᠭᠡᠵᠦ᠂ ᠬᠤᠪᠢ ᠨᠡᠶᠢᠯᠡᠭᠦᠯᠬᠦ ᠲᠦᠷᠢᠮᠳᠤ ᠪᠠᠩᠭᠢ ᠵᠢᠴᠢ ᠲᠠᠭᠠᠳᠬᠠᠯ᠂ ᠲᠡᠮᠲᠡᠭᠳᠦ᠂ ᠰᠠᠭᠤᠷᠢ ᠮᠦᠩᠭᠦ ᠵᠡᠷᠭᠡ ᠡᠯ᠎ᠡ ᠲᠦᠷᠦᠯ ᠤᠨ ᠮᠦᠩᠭᠦᠨ ᠭᠦᠢᠯᠭᠡᠭᠡᠨ ᠤ ᠪᠠᠶᠢᠭᠤᠯᠤᠯᠭ᠎ᠠ ᠶᠢᠨ ᠮᠠᠨ ᠤ ᠠᠶᠢᠮᠠᠭ ᠲᠤ ᠨᠤᠲᠤᠭᠰᠢᠬᠤ ᠶᠢ ᠢᠳᠡᠪᠬᠢᠲᠠᠢ ᠲᠠᠮᠡᠴᠡᠨ ᠤᠯᠤᠨ᠎ᠠ᠃ ᠲᠦᠷᠦ ᠶᠢᠨ ᠪᠤᠳᠤᠯᠭ᠎ᠠ ᠶᠢᠨ ᠴᠢᠨᠠᠷᠲᠠᠢ ᠪᠡᠯᠡ ᠲᠤᠬᠢᠷᠠᠭᠤᠯᠤᠯᠳᠠ ᠶᠢᠨ ᠳᠠᠭᠠᠭᠠᠯᠳᠠ ᠶᠢᠨ ᠰᠢᠰᠲ᠋ᠧᠮ ᠤᠨ ᠪᠦᠳᠦᠭᠡᠨ ᠪᠠᠶᠢᠭᠤᠯᠤᠯᠳᠠ ᠶᠢ ᠳᠡᠮᠵᠢᠵᠦ᠂ ᠬᠦᠷᠦᠩᠭᠡ ᠮᠦᠩᠭᠦ ᠶᠢᠨ ᠬᠡᠪᠴᠢᠶ᠎ᠡ ᠪᠠᠨ ᠦᠷᠭᠡᠳᠭᠡᠵᠦ᠂ ᠪᠡᠯᠡ ᠴᠤᠭᠯᠠᠭᠤᠯᠬᠤ ᠳᠠᠭᠠᠭᠠᠯᠳᠠ ᠶᠢᠨ ᠪᠠᠶᠢᠭᠤᠯᠤᠯᠭ᠎ᠠ ᠶᠢᠨ ᠬᠦᠴᠦᠨ ᠢ ᠴᠢᠩᠭᠠᠳᠬᠠᠨ᠂ ᠪᠠᠭ᠎ᠠ ᠵᠢᠵᠢᠭ ᠠᠵᠦ ᠠᠬᠤᠶᠢᠯᠠᠯ ᠪᠠ ︽ᠬᠦᠳᠡᠭᠡ ᠠᠵᠤ ᠠᠬᠤᠢ᠂ ᠬᠦᠳᠡᠭᠡ ᠲᠤᠰᠬᠤᠨ᠂ ᠮᠠᠯᠴᠢᠨ ᠲᠠᠷᠢᠶᠠᠴᠢᠨ ︾ ᠵᠡᠷᠭᠡ ᠪᠡᠯᠡ ᠴᠤᠭᠯᠠᠭᠤᠯᠬᠤ ᠬᠦᠴᠢᠷᠳᠡᠯ ᠢ ᠨᠠᠮᠤᠳᠬᠠᠨ᠎ᠠ᠃ ᠦᠬᠡᠷ ᠤᠨ ᠠᠵᠦ ᠦᠢᠯᠡᠰ ᠤᠨ ᠲᠤᠰᠬᠠᠶᠢᠵᠢᠭᠤᠯᠤᠨ ᠪᠡᠯᠡ ᠴᠤᠭᠯᠠᠭᠤᠯᠬᠤ ᠳᠠᠭᠠᠭᠠᠯᠳᠠ ᠶᠢᠨ ᠲᠠᠪᠴᠡᠩ ᠢ ᠪᠠᠶᠢᠭᠤᠯᠬᠤ ᠶᠢ ᠲᠡᠳᠭᠦᠨ᠂ ᠬᠦᠳᠡᠯᠭᠡᠵᠤ ᠪᠤᠯᠬᠤ ᠬᠦᠷᠦᠩᠭᠡ ᠶᠢᠨ ᠬᠢᠨᠠᠯᠳᠠ ᠬᠠᠮᠢᠶᠠᠷᠤᠯᠳᠠ ᠶᠢᠨ ᠺᠤᠮᠫᠠᠨᠢ ᠶᠢ ᠵᠤᠬᠢᠶᠠᠨ ᠪᠠᠶᠢᠭᠤᠯᠤᠨ᠎ᠠ᠃ ᠵᠠᠬ᠎ᠠ ᠲᠡᠯᠭᠡᠭᠦᠷ ᠲᠤ ᠭᠠᠷᠭᠠᠬᠤ ᠴᠢᠬᠤᠯᠠ ᠠᠵᠦ ᠠᠬᠤᠶᠢᠯᠠᠯ ᠤᠨ ᠲᠦᠷᠦᠯ ᠵᠦᠢᠯ ᠤᠨ ᠬᠦᠮᠦᠷᠭᠡ ᠶᠢ ᠲᠡᠭᠦᠯᠳᠡᠷᠵᠢᠭᠦᠯᠵᠦ᠂ ᠠᠵᠦ ᠠᠬᠤᠶᠢᠯᠠᠯ ᠤᠨ ᠤᠯᠠᠨ ᠲᠡᠰ ᠲᠠᠪᠬᠤᠷᠭ᠎ᠠ ᠶᠢᠨ ᠬᠦᠷᠦᠩᠭᠡ ᠶᠢᠨ ᠵᠠᠬ᠎ᠠ ᠲᠡᠯᠭᠡᠭᠦᠷ ᠠᠴᠠ ᠪᠡᠯᠡ ᠴᠤᠭᠯᠠᠭᠤᠯᠬᠤ ᠶᠢ ᠲᠡᠳᠭᠦᠵᠦ᠂ ᠯᠠᠢ ᠳ᠋ᠧ ᠠᠳᠤᠭᠤᠨ ᠦᠢᠯᠡᠰ ᠤᠨ ᠵᠠᠬ᠎ᠠ ᠳᠡᠯᠭᠡᠭᠦᠷ ᠲᠤ ᠭᠠᠷᠬᠤ ᠶᠢ ᠲᠦᠯᠬᠢᠨ ᠠᠬᠢᠭᠤᠯᠤᠨ᠎ᠠ᠃ ᠠᠷᠠᠯᠵᠢᠶ᠎ᠠ ᠬᠤᠳᠠᠯᠳᠤᠭ᠎ᠠ ᠪᠠᠷᠠᠭᠠᠨ ᠤ ᠭᠦᠢᠯᠭᠡᠭᠡ ᠵᠡᠷᠭᠡ ᠠᠵᠦ ᠦᠢᠯᠡᠰ ᠢ ᠢᠳᠡᠪᠬᠢᠲᠡᠢ ᠬᠦᠭᠵᠢᠭᠦᠯᠦᠨ᠎ᠡ᠃ ᠧᠦ ᠶᠠ ᠬᠤᠳᠠᠯᠳᠤᠭ᠎ᠠ᠂ ᠸᠠᠨ ᠳ᠋ᠠ ᠠᠭᠤᠳᠠᠮ ᠲᠠᠯᠠᠪᠠᠢ᠂ ᠬᠤᠩ ᠰᠢᠩ ᠮᠧᠢ ᠺᠠᠢ ᠯᠦᠩ ᠵᠡᠷᠭᠡ ᠬᠤᠳᠠᠯᠳᠤᠭᠠᠨ ᠤ ᠲᠤᠭᠤᠷᠢᠭ ᠢ ᠪᠠᠶᠢᠭᠤᠯᠵᠦ᠂ ᠤᠯᠠᠨ ᠲᠦᠮᠡᠨ ᠤ ᠪᠠᠷᠠᠭ᠎ᠠ ᠬᠤᠳᠠᠯᠳᠤᠨ ᠠᠪᠬᠤ ᠶᠢ ᠠᠬᠢᠭᠤᠯᠤᠨ᠎ᠠ᠃ ︽ᠵᠠᠭᠤᠨ ᠬᠤᠳᠠ ᠲᠦᠮᠡᠨ ᠲᠤᠰᠬᠤᠨ ︾ ᠭᠡᠷ ᠤᠨ ᠶᠠᠪᠤᠳᠠᠯ ᠢᠶᠠᠷ ᠶᠠᠳᠠᠭᠤ ᠶᠢ ᠲᠡᠳᠭᠦᠬᠦ ᠠᠵᠢᠯ ᠢ ᠬᠦᠨᠵᠡᠭᠡᠢ ᠦᠷᠨᠢᠭᠦᠯᠵᠦ᠂ ᠭᠡᠷ ᠤᠨ ᠶᠠᠪᠤᠳᠠᠯ ᠤᠨ ᠦᠢᠯᠡᠴᠢᠯᠡᠭᠡ ᠶᠢᠨ ᠨᠡᠷ᠎ᠡ ᠲᠡᠮᠳᠡᠭᠳᠦ ᠶᠢ ᠪᠤᠢ ᠪᠤᠯᠭᠠᠨ᠎ᠠ᠃ ᠠᠯᠢᠪᠠᠪᠠ ᠵᠡᠷᠭᠡ ᠶᠡᠷᠦᠩᠬᠡᠶᠢᠯᠡᠭᠰᠡᠨ ᠬᠡᠯᠪᠡᠷᠢ᠂ ᠡᠭ᠍ᠴᠡ ᠬᠡᠯᠪᠡᠷᠢ ᠶᠢᠨ ᠡᠯᠧᠺᠳ᠋ᠷᠤᠨ ᠬᠤᠳᠠᠯᠳᠤᠭ᠎ᠠ ᠶᠢᠨ ᠲᠠᠪᠴᠠᠩ ᠲᠠᠢ ᠬᠠᠮᠳᠤᠷᠠᠯᠴᠠᠬᠤ ᠶᠢ ᠭᠦᠨᠵᠡᠭᠡᠶᠢᠷᠡᠭᠦᠯᠵᠦ᠂ ᠡᠵᠡᠩᠨᠡᠨ ᠪᠤᠷᠤᠯᠠᠭᠤᠯᠬᠤ ᠶᠢ ᠪᠡᠭᠡᠵᠢᠩ ᠬᠦᠬᠡᠬᠤᠳᠠ ᠪᠤᠭᠤᠳᠤ ᠴᠢᠬᠤᠯᠠ ᠭᠠᠵᠠᠷ ᠤᠷᠤᠨ ᠤ ᠡᠯᠧᠺᠳ᠋ᠷᠤᠨ ᠬᠤᠳᠠᠯᠳᠤᠭ᠎ᠠ ᠶᠢᠨ ᠠᠵᠦ ᠠᠬᠤᠶᠢᠯᠠᠯ ᠲᠠᠢ ᠬᠠᠮᠳᠤᠷᠠᠨ ᠦᠷᠨᠢᠭᠦᠯᠵᠦ᠂ ︽ᠬᠢᠩᠭᠠᠨ ᠠᠶᠢᠠᠮᠭ ᠤᠨ ᠲᠤᠳᠤᠷᠭ᠎ᠠ ︾ ᠵᠡᠷᠭᠡ ᠪᠤᠬᠢᠷᠳᠤᠯ ᠦᠭᠡᠢ ᠴᠢᠨᠠᠷ ᠰᠠᠶᠢᠲᠠᠢ ᠲᠠᠷᠢᠶᠠᠯᠠᠩ ᠤᠨ ᠪᠦᠳᠦᠭᠡᠭᠳᠡᠭᠦᠨ ᠢ ᠰᠦᠯᠵᠢᠶᠡᠨ ᠲᠠᠭᠡᠷ᠎ᠡ ᠪᠠ ᠰᠦᠯᠵᠢᠶᠡᠨ ᠠᠴᠠ ᠭᠠᠳᠠᠨ᠎ᠠ ᠪᠤᠷᠤᠯᠠᠭᠤᠯᠤᠨ᠎ᠠ᠃     ︵ᠭᠤᠷᠪᠠ ︶ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠪᠦᠬᠦ ᠲᠠᠯ᠎ᠠ ᠪᠠᠷ ᠬᠡᠷᠡᠭᠵᠢᠭᠦᠯᠵᠦ᠂ ᠲᠠᠷᠢᠶᠠᠯᠠᠩ ᠮᠠᠯ ᠠᠵᠦ ᠠᠬᠤᠢ ᠪᠠ ᠮᠠᠯᠵᠢᠬᠤ ᠲᠠᠷᠢᠶᠠᠯᠠᠬᠤ ᠤᠷᠤᠨ ᠢ ᠤᠷᠢᠳᠠᠪᠡᠷ ᠬᠦᠭᠵᠢᠭᠦᠯᠬᠦ ᠶᠢ ᠲᠦᠯᠬᠢᠨ ᠠᠬᠢᠭᠤᠯᠤᠨ᠎ᠠ᠃ ︽ᠠᠵᠦ ᠦᠢᠯᠡᠰ ᠬᠦᠭᠵᠢᠶᠡᠨ ᠲᠠᠢ᠂ ᠠᠮᠢ ᠠᠬᠤᠢ ᠲᠠᠭᠠᠯᠠᠮᠵᠢᠲᠠᠢ᠂ ᠨᠤᠳᠤᠭ ᠤᠨ ᠰᠣᠷᠳᠠᠯ ᠪᠤᠯᠪᠠᠰᠤᠨ᠂ ᠴᠡᠭᠴᠡᠯᠡᠨ ᠵᠠᠰᠠᠯᠳᠠ ᠦᠷ᠎ᠡ ᠪᠦᠳᠦᠮᠵᠢᠲᠠᠢ᠂ ᠠᠮᠢᠳᠤᠷᠠᠯ ᠪᠠᠶᠠᠨ ᠴᠢᠨᠡᠭᠡᠯᠢᠭ ︾ ᠶᠡᠷᠦᠩᠬᠡᠢ ᠱᠠᠭᠠᠷᠳᠠᠯᠭ᠎ᠠ ᠶᠤᠰᠤᠭᠠᠷ ︽ᠲᠠᠪᠤ ᠶᠢ ᠬᠦᠭᠵᠢᠭᠦᠯᠦᠨ ᠮᠠᠨᠳᠤᠭᠤᠯᠬᠤ ︾ ᠪᠤᠳᠠᠳᠠᠢ ᠠᠷᠭ᠎ᠠ ᠪᠠᠷᠢᠯ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠦ᠂ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠦᠯᠢᠭᠡᠷ ᠬᠡᠪ ᠤᠨ ᠤᠷᠤᠨ ᠲᠤᠭᠤᠷᠢᠭ ᠢ ᠪᠦᠳᠦᠭᠡᠨ ᠪᠠᠶᠢᠭᠤᠯᠤᠨ᠎ᠠ᠃     ᠨᠢᠭᠡ᠂ ᠳᠠᠪᠠᠭᠤᠯᠢᠭ ᠤᠨᠴᠠᠯᠢᠭ ᠲᠠᠢ ᠠᠵᠦ ᠦᠢᠯᠡᠰ ᠢ ᠶᠡᠭᠡᠪᠠᠷ ᠬᠦᠭᠵᠢᠭᠦᠯᠦᠨ᠎ᠡ᠃ ︽ᠲᠠᠷᠢᠮᠠᠯ ᠤᠨ ᠦᠢᠯᠡᠰ ᠤᠨ ᠶᠠᠰᠤ ᠴᠢᠨᠠᠷ ᠢ ᠳᠡᠭᠡᠭᠰᠢᠯᠡᠬᠦᠯᠬᠦ ᠠᠵᠢᠯᠯᠠᠭ᠎ᠠ᠂ ᠲᠡᠵᠢᠭᠡᠨ ᠦᠷᠡᠵᠢᠭᠦᠯᠬᠦ ᠦᠢᠯᠡᠰ ᠤᠨ ᠦᠷ᠎ᠡ ᠠᠰᠢᠭ ᠢ ᠲᠠᠬᠢᠨ ᠢᠶᠠᠷ ᠨᠡᠮᠡᠭᠳᠡᠭᠦᠯᠬᠦ ᠠᠵᠢᠯᠯᠠᠭ᠎ᠠ᠂ ᠵᠢᠮᠢᠰ ᠤᠨ ᠦᠢᠯᠡᠰ ᠢ ᠬᠦᠭᠵᠢᠭᠦᠯᠬᠦ ᠠᠵᠢᠯᠯᠠᠭ᠎ᠠ ︾ ᠶᠢᠨ ᠭᠤᠷᠪᠠᠨ ᠵᠢᠯ ᠤᠨ ᠠᠵᠢᠯᠯᠠᠭ᠎ᠠ ᠶᠢᠨ ᠲᠦᠯᠦᠪᠯᠡᠭᠡ ᠶᠢ ᠭᠦᠨᠵᠡᠭᠡᠢ ᠬᠡᠷᠡᠭᠵᠢᠭᠦᠯᠵᠦ᠂ ᠮᠠᠯᠴᠢᠨ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠬᠦ ᠬᠦᠴᠢᠷᠳᠡᠯᠲᠠᠢ ᠠᠰᠠᠭᠤᠳᠠᠯ ᠢ ᠰᠢᠢᠳᠪᠦᠷᠢᠯᠡᠨ᠎ᠡ᠃ ︽ᠠᠮᠤ ᠪᠤᠳᠠᠭ᠎ᠠ ᠨᠤᠭᠤᠭ᠎ᠠ ᠵᠢᠮᠢᠰ ᠲᠤᠰᠤ ᠰᠢᠬᠢᠷ ᠭᠠᠭ᠋ᠠᠢ ᠵᠢᠭᠦᠷᠳᠡᠨ ᠦᠬᠡᠷ ᠪᠠ ᠬᠤᠨᠢ ︾ 9 ᠶᠡᠭᠡ ᠠᠵᠦ ᠦᠢᠯᠡᠰ ᠤᠨ ᠬᠦᠭᠵᠢᠯᠳᠡ ᠶᠢ ᠪᠦᠬᠦ ᠬᠦᠴᠦᠨ ᠢᠶᠠᠷ ᠲᠦᠯᠬᠢᠨ ᠠᠬᠢᠭᠤᠯᠬᠤ ᠰᠠᠭᠤᠷᠢᠨ ᠲᠡᠭᠡᠷ᠎ᠡ ᠭᠤᠤᠯ ᠴᠢᠭᠯᠡᠯ ᠢ ᠤᠯᠠᠮ ᠨᠢᠭᠡ ᠠᠯᠬᠤᠮ ᠳᠤᠪᠤᠶᠢᠯᠭᠠᠨ᠂ ᠠᠮᠤ ᠪᠤᠳᠠᠭᠠᠨ ᠤ ᠦᠢᠯᠡᠰ ᠤᠨ ︽ᠬᠤᠤᠰ ᠵᠠᠭᠤᠨ ᠬᠤᠤᠰ ᠮᠢᠩᠭᠠᠨ ︾ ᠢᠨᠵᠧᠨᠧᠷᠢᠩ ᠪᠠ ᠦᠬᠡᠷ ᠤᠨ ᠦᠢᠯᠡᠰ ᠤᠨ ︽ᠬᠤᠤᠰ ᠵᠠᠭᠤ ᠮᠢᠩᠭᠠᠨ ᠳ᠋ᠦᠩᠰᠢᠭᠤᠷ ︾ ᠢᠨᠵᠧᠨᠧᠷᠢᠩ ᠢ ᠬᠡᠷᠡᠭᠵᠢᠭᠦᠯᠵᠦ᠂ ᠨᠡᠷ᠎ᠡ ᠲᠦᠷᠦᠯ᠂ ᠶᠠᠰᠤ ᠴᠢᠨᠠᠷ᠂ ᠨᠡᠷ᠎ᠡ ᠲᠡᠮᠲᠡᠭᠳᠦ ᠶᠢ ᠵᠡᠷᠭᠡ ᠪᠠᠷ ᠬᠦᠭᠵᠢᠭᠦᠯᠬᠦ ᠶᠢ ᠪᠠᠷᠢᠮᠳᠠᠯᠠᠨ᠂ ᠰᠢᠨᠵᠢᠯᠡᠬᠦ ᠤᠬᠠᠭᠠᠨᠴᠢ ᠪᠠᠷ ᠠᠵᠦ ᠦᠢᠯᠡᠰ ᠤᠨ ᠰᠠᠭᠤᠷᠢᠨ ᠭᠠᠵᠠᠷ ᠢ ᠪᠠᠶᠢᠷᠢᠯᠠᠭᠤᠯᠵᠦ᠂ ᠠᠵᠦ ᠦᠢᠯᠡᠰ ᠤᠨ ᠬᠤᠯᠪᠤᠭ᠎ᠠ ᠪᠠᠶᠢᠭᠤᠯᠬᠤ ᠶᠢ ᠲᠦᠯᠦᠪᠵᠢᠭᠦᠯᠵᠦ᠂ ᠠᠵᠦ ᠦᠢᠯᠡᠰ ᠤᠨ ᠬᠡᠯᠬᠢᠶᠠᠰᠦ ᠶᠢ ᠤᠷᠳᠤᠳᠬᠠᠨ ᠦᠷᠭᠡᠳᠭᠡᠨ᠎ᠡ᠃ ᠪᠤᠬᠢᠷᠳᠤᠯ ᠦᠭᠡᠢ ᠤᠷᠭᠠᠨᠢᠭ ᠤᠰᠤᠨ ᠲᠤᠳᠤᠷᠭ᠎ᠠ ᠶᠢᠨ ᠬᠦᠭᠵᠢᠯᠳᠡ ᠶᠢ ᠲᠤᠪᠤᠶᠢᠯᠭᠠᠨ᠂ ᠲᠠᠷᠢᠮᠠᠯ ᠤᠨ ᠲᠠᠯᠠᠪᠠᠢ ᠶᠢ ᠦᠷᠭᠡᠳᠭᠡᠨ᠂ ᠨᠢᠭᠡᠴᠢ ᠶᠢᠨ ᠭᠠᠷᠤᠯᠳᠠ ᠶᠢ ᠨᠡᠮᠡᠭᠳᠡᠭᠦᠯᠵᠦ᠂ ᠶᠡᠷᠦᠩᠬᠡᠢ ᠦᠷ᠎ᠡ ᠠᠰᠢᠭ ᠢ ᠲᠡᠭᠡᠭᠰᠢᠯᠡᠭᠦᠯᠦᠨ᠂ ᠪᠤᠬᠢᠷᠳᠤᠯ ᠦᠭᠡᠢ ᠤᠰᠤᠨ ᠲᠤᠳᠤᠷᠭ᠎ᠠ ᠶᠢᠨ ᠭᠠᠷᠤᠯᠳᠠ ᠶᠢᠨ ᠰᠠᠭᠤᠷᠢᠨ ᠭᠠᠵᠠᠷ ᠤᠨ ᠪᠠᠶᠢᠭᠤᠯᠤᠯᠳᠠ ᠶᠢ ᠲᠦᠯᠬᠢᠨ ᠠᠬᠢᠭᠤᠯᠵᠦ᠂ 3 ᠠᠴᠠ ᠳᠡᠭᠡᠭᠰᠢ ᠲᠦᠮᠡᠨ ᠮᠥ ᠶᠢᠨ ᠶᠡᠭᠡ ᠤᠰᠤᠨ ᠳᠤᠳᠤᠷᠭ᠎ᠠ ᠶᠢᠨ ︽ᠨᠢᠭᠡ ᠰᠢᠯᠢᠳᠡᠭ ᠬᠤᠶᠠᠷ ᠦᠨᠳᠦᠷ ︾ ︵ᠰᠢᠯᠢᠳᠡᠭ᠂ ᠦᠨᠳᠦᠷ ᠭᠠᠷᠤᠯᠳᠠ᠂ ᠦᠨᠳᠦᠷ ᠦᠷ᠎ᠡ ᠠᠰᠢᠭ ︶ ᠪᠤᠬᠢᠷᠳᠤᠯ ᠦᠭᠡᠢ ᠦᠢᠯᠡᠳᠪᠦᠷᠢᠯᠡᠯ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠢ ᠪᠦᠳᠦᠭᠡᠨ ᠪᠠᠶᠢᠭᠤᠯᠤᠨ᠎ᠠ᠃ ᠶᠤᠸᠠᠨ ᠯᠦᠩ ᠫᠢᠩ ᠤᠰᠤᠨ ᠲᠤᠳᠤᠷᠭ᠎ᠠ ᠶᠢᠨ ᠠᠺᠠᠳᠧᠮᠢᠴᠢ ᠲᠤᠰᠬᠠᠢ ᠮᠡᠷᠭᠡᠵᠢᠯᠳᠡᠨ ᠤ ᠠᠵᠢᠯ ᠤᠨ ᠦᠷᠳᠡᠭᠡ ᠴᠢᠨᠠᠷᠯᠢᠭ ᠦᠨᠳᠦᠷ ᠤᠨᠠᠯᠳᠠ ᠲᠠᠢ ᠰᠢᠨ᠎ᠡ ᠡᠭᠦᠯᠳᠡᠷ ᠢ ᠰᠣᠳᠤᠯᠤᠨ ᠨᠡᠬᠡᠬᠡᠬᠦ᠂ ᠤᠰᠤᠨ ᠲᠤᠳᠤᠷᠭ᠎ᠠ ᠶᠢᠨ ᠶᠠᠰᠤ ᠴᠢᠠᠨᠷ ᠢ ᠲᠡᠭᠡᠭᠰᠢᠯᠡᠭᠦᠯᠬᠦ ᠶᠢ ᠳᠡᠮᠵᠢᠨ᠎ᠡ᠃     ᠡᠷᠳᠡᠨᠢ ᠰᠢᠰᠢ ᠶᠢᠨ ᠠᠵᠤ ᠦᠢᠯᠡᠰ ᠤᠨ ᠡᠳ᠋ᠰᠢᠬᠦᠯᠬᠦ ᠶᠢ ᠭᠤᠣᠯᠴᠢᠯᠠᠵᠤ᠂ ᠬᠤᠪᠢᠷᠠᠭᠤᠯᠣᠨ ᠬᠦᠭᠵᠢᠭᠦᠯᠬᠦ ᠶᠢ ᠳᠤᠪᠤᠶᠢᠯᠭᠠᠵᠤ᠂ ᠠᠵᠤ ᠦᠢᠯᠡᠰ ᠤᠨ ᠬᠡᠯᠬᠢᠶᠠᠵᠢᠯ ᠤᠨ ᠲᠦᠷᠦᠯ ᠵᠦᠢᠯ ᠢ ᠪᠤᠶᠢᠵᠢᠭᠤᠯᠬᠤ ᠶᠢ ᠰᠠᠶᠢᠲᠣᠷ ᠠᠩᠬᠠᠷᠴᠤ᠂ ᠲᠠᠷᠢᠵᠣ ᠣᠷᠭᠤᠭᠤᠯᠬᠤ ᠲᠠᠯᠠᠪᠠᠢ ᠶᠢ 1000 ᠲᠦᠮᠡᠨ ᠮᠥ ᠣᠷᠴᠢᠮ ᠪᠠᠶᠢᠯᠭᠠᠨ᠎ᠠ᠃ ᠠᠯᠠᠰᠢᠨ ᠦᠬᠡᠷ ᠤᠨ ᠠᠵᠤ ᠥᠢᠯᠡᠰ ᠤᠨ ᠡᠭᠦᠯᠳᠡᠷ ᠰᠠᠶᠢᠵᠢᠷᠠᠭᠤᠯᠥᠨ ᠰᠠᠭᠤᠷᠢᠨ ᠭᠠᠵᠠᠷ ᠢ ᠠᠳᠬᠤᠬᠤ ᠶᠢ ᠳᠤᠪᠤᠶᠢᠯᠭᠠᠵᠤ᠂ ᠬᠡᠪᠴᠢᠶᠡᠵᠢᠬᠦᠯᠥᠨ ᠲᠡᠵᠢᠭᠡᠨ ᠦᠷᠡᠵᠢᠭᠦᠯᠬᠦ ᠬᠠᠷᠢᠴᠠᠯ ᠪᠣᠯᠣᠨ ᠲᠠᠵᠢᠬᠡᠨ ᠦᠷᠡᠵᠢᠭᠦᠯᠬᠦ ᠦᠢᠯᠡᠰ ᠤᠨ ᠶᠡᠷᠦᠩᠬᠡᠶᠢᠯᠡᠭᠰᠡᠨ ᠦᠢᠯᠡᠳᠪᠦᠷᠢᠯᠡᠯ ᠤᠨ ᠬᠦᠴᠦᠨ ᠢ ᠤᠯᠠᠮ ᠨᠢᠭᠡ ᠠᠯᠬᠤᠮ ᠳᠡᠭᠡᠭᠰᠢᠯᠡᠬᠦᠯᠵᠦ᠂ ᠵᠢᠯ ᠳᠤ ᠰᠠᠶᠢᠨ ᠡᠭᠦᠯᠳᠡᠷ ᠤᠨ ᠠᠯᠠᠰᠢᠨ ᠦᠬᠡᠷ ᠢ 10 ᠲᠦᠮᠡ ᠠᠴᠠ ᠳᠡᠭᠡᠭᠰᠢ ᠣᠷᠣᠭᠤᠯᠣᠨ᠎ᠠ᠃ ᠰᠠᠭᠠᠯᠢ ᠶᠢᠨ ᠦᠨᠢᠶ᠎ᠡ ᠶᠢᠨ ᠠᠵᠤ ᠥᠢᠯᠡᠰ ᠤᠨ ᠶᠠᠰᠥ ᠴᠢᠨᠠᠷ ᠢ ᠰᠠᠶᠢᠵᠢᠷᠠᠭᠤᠯᠥᠨ ᠰᠦ᠋ ᠶᠢᠨ ᠢᠷᠡᠯᠳᠡ ᠶᠢ ᠴᠢᠩᠭ᠎ᠠ ᠱᠠᠭᠠᠷᠳᠠᠬᠤ ᠶᠢ ᠳᠤᠪᠤᠶᠢᠯᠭᠠᠵᠤ᠂ ᠰᠠᠭᠠᠯᠢ ᠶᠢᠨ ᠦᠨᠢᠶ᠎ᠡ ᠶᠢ ᠲᠡᠵᠢᠭᠡᠨ ᠦᠷᠡᠵᠢᠭᠦᠯᠬᠦ᠂ ᠴᠢᠨᠠᠷᠯᠢᠭ ᠰᠠᠶᠢᠨ ᠰᠦ᠋ ᠦᠢᠯᠡᠳᠪᠦᠷᠢᠯᠡᠬᠦ᠂ ᠨᠢᠯᠬ᠎ᠠ ᠬᠡᠥᠬᠡᠳ ᠤᠨ ᠰᠦᠨ ᠲᠠᠯᠬ᠎ᠠ ᠦᠢᠯᠡᠳᠬᠦ ᠵᠡᠷᠭᠡ ᠴᠠᠭᠠᠨ ᠢᠳᠡᠭᠡ ᠶᠢ ᠬᠦᠨ ᠡᠳ᠋ᠰᠢᠬᠦᠯᠬᠦ ᠪᠦᠬᠦ᠋ᠢᠯᠡ ᠠᠵᠤ ᠦᠢᠯᠡᠰ ᠤᠨ ᠬᠡᠯᠬᠢᠶ᠎ᠡ ᠶᠢ ᠪᠠᠶᠢᠭᠤᠯᠬᠤ ᠲᠣᠭᠤᠷᠢᠨ ᠳᠤ᠂ ᠠᠵᠤ ᠦᠢᠯᠡᠰ ᠢ ᠲᠦᠯᠬᠢᠨ ᠠᠬᠢᠭᠤᠯᠬᠤ ᠲᠦᠰᠦᠪ ᠢ ᠰᠤᠳᠤᠯᠣᠨ ᠲᠣᠭᠲᠠᠭᠠᠵᠤ᠂ ᠪᠣᠲᠠᠲᠠᠢ ᠲᠦᠷᠦ ᠶᠢᠨ ᠪᠣᠳᠣᠯᠭ᠎ᠠ ᠶᠢ ᠭᠡᠷᠡᠭᠵᠢᠭᠦᠯᠵᠦ᠂ ᠵᠢᠯ ᠳᠤ ᠰᠠᠶᠢᠨ ᠡᠭᠦᠯᠳᠡᠷ ᠤᠨ ᠰᠠᠭᠠᠯᠢ ᠶᠢᠨ ᠦᠨᠢᠶ᠎ᠡ ᠶᠢ 2 ᠲᠦᠮᠡᠨ ᠲᠣᠯᠣᠭᠠᠢ ᠠᠴᠠ ᠳᠡᠭᠡᠭᠰᠢ ᠣᠷᠣᠭᠤᠯᠣᠨ᠎ᠠ᠃ ᠳᠠᠭᠠᠭᠤᠯᠤᠬᠴᠢ ᠠᠵᠤ ᠠᠬᠤᠶᠢᠯᠠᠯ ᠤᠨ ᠬᠦᠭᠵᠢᠯᠲᠡ ᠶᠢ ᠢᠳᠡᠪᠬᠢᠲᠡᠢ ᠲᠣᠰᠠᠯᠠᠨ ᠳᠡᠮᠵᠢᠵᠦ᠂ ᠡᠷᠳᠡᠨᠢ ᠰᠢᠰᠢ ᠲᠣᠲᠣᠷᠭ᠎ᠠ᠂ ᠴᠠᠭᠠᠨ ᠢᠳᠡᠭᠡᠨ ᠪᠣᠯᠣᠨ ᠮᠢᠬ᠎ᠠ ᠶᠢᠨ ᠵᠦᠢᠯ ᠵᠡᠷᠭᠡ ᠲᠠᠷᠢᠶᠠᠯᠠᠩ ᠲᠤᠰᠠᠯᠠᠬᠤ ᠠᠵᠤ ᠠᠬᠤᠢ ᠶᠢᠨ ᠪᠦᠲᠦᠬᠡᠭᠳᠡᠬᠦᠨ ᠢ ᠨᠠᠷᠢᠯᠢᠭ ᠡᠳ᠋ᠰᠢᠬᠦᠯᠬᠦ ᠦᠢᠯᠡᠰ ᠢ ᠰᠠᠶᠢᠲᠣᠷ ᠬᠢᠵᠦ᠂ ᠬᠦᠷᠢᠶ᠎ᠡ ᠬᠡᠪᠴᠢᠶ᠎ᠡ ᠶᠢ ᠦᠷᠭᠡᠳᠬᠡᠵᠦ᠂ ᠬᠦᠳᠡᠭᠡ ᠲᠤᠰᠬᠤᠨ ᠤ ᠵᠤᠭᠠᠴᠠᠯ᠂ ᠠᠮᠢ ᠠᠬᠤᠢ ᠶᠢᠨ ᠵᠣᠭᠠᠴᠠᠯ ᠢ ᠶᠡᠭᠡ ᠪᠠᠷ ᠬᠦᠭᠵᠢᠬᠦᠯᠵᠦ᠂ ᠲᠠᠷᠢᠶᠠᠯᠠᠩ ᠮᠠᠯ ᠠᠵᠤ ᠠᠬᠤᠢ ᠶᠢ ︽ᠳᠠᠷᠠᠭᠠᠯᠠᠨ ᠬᠦᠭᠵᠢᠬᠦᠯᠵᠦ ︾ ᠠᠷᠠᠳ ᠢ ᠴᠢᠨᠡᠭᠡᠯᠢᠭᠵᠢᠬᠦᠯᠬᠦ ᠲᠤᠯᠭᠠᠭᠤᠷᠢ ᠠᠵᠤ ᠦᠢᠯᠡᠰ ᠪᠣᠯᠭᠠᠨ᠎ᠠ᠃     ᠬᠤᠶᠠᠷ ᠲᠤ᠂ ᠬᠦᠳᠡᠭᠡ ᠲᠤᠰᠬᠤᠨ ᠮᠠᠯᠵᠢᠬᠤ ᠣᠷᠣᠨ ᠤ ᠦᠭᠡᠷᠡᠴᠢᠯᠡᠯᠲᠡ ᠶᠢ ᠦᠷᠬᠦᠯᠵᠢᠯᠡᠨ ᠬᠦᠨᠵᠡᠭᠡᠶᠢᠷᠡᠬᠦᠯᠦᠨ᠎ᠡ᠃ ︽ᠭᠤᠷᠪᠠᠨ ᠡᠷᠬᠡ ᠶᠢ ᠰᠠᠯᠭᠠᠬᠤ ︾ ᠵᠢᠯᠣᠭᠤᠳᠬᠤ ᠦᠵᠡᠯ ᠰᠠᠨᠠᠭ᠎ᠠ ᠶᠢ ᠪᠦᠬᠦ ᠲᠠᠯ᠎ᠠ ᠪᠠᠷ ᠨᠠᠶᠢᠲᠠᠪᠣᠷᠢᠵᠢᠭᠤᠯᠵᠤ᠂ ᠠᠶᠢᠮᠠᠭ᠂ ᠬᠤᠰᠢᠭᠤ᠂ ᠰᠤᠮᠤ ᠭᠤᠷᠪᠠᠨ ᠱᠠᠲᠣᠨ ᠤ ᠬᠦᠳᠡᠭᠡ ᠲᠤᠰᠬᠤᠨ ᠮᠠᠯᠵᠢᠬᠤ ᠣᠷᠤᠨ ᠤ ᠦᠮᠴᠢᠯᠡᠬᠦ ᠡᠷᠬᠡ ᠶᠢ ᠳᠠᠭᠠᠭᠠᠴᠢᠯᠠᠭᠤᠯᠬᠤ ᠰᠤᠯᠢᠯᠴᠠᠭᠠᠨ ᠤ ᠲᠠᠪᠴᠠᠩ ᠤᠨ ᠪᠦᠲᠦᠭᠡᠨ ᠪᠠᠶᠢᠭᠤᠯᠣᠯᠲᠠ ᠶᠢ ᠲᠦᠯᠬᠢᠨ ᠠᠬᠢᠭᠤᠯᠵᠣ᠂ ᠭᠠᠵᠠᠷ ᠰᠢᠷᠣᠢ ᠶᠢᠨ ᠡᠵᠡᠩᠨᠡᠯᠲᠡ ᠶᠢᠨ ᠡᠷᠬᠡ ᠶᠢ ᠠᠮᠢᠳᠤᠯᠢᠭ ᠭᠡᠷᠡᠭᠯᠡᠵᠦ ᠂ ᠮᠠᠯᠴᠢᠨ ᠲᠠᠷᠢᠶᠠᠴᠢᠳ ᠤᠨ ᠪᠡᠯᠡ ᠴᠤᠭᠯᠠᠭᠤᠯᠬᠤ ᠠᠷᠭ᠎ᠠ ᠵᠠᠮ ᠢ ᠦᠷᠬᠡᠳᠬᠡᠨ᠎ᠡ᠃ ᠬᠦᠳᠡᠭᠡ ᠲᠤᠰᠬᠤᠨ ᠮᠠᠯᠵᠢᠬᠤ ᠣᠷᠤᠨ ᠤ ᠬᠠᠮᠲᠣ ᠶᠢᠨ ᠦᠮᠴᠢᠯᠡᠬᠦ ᠡᠷᠬᠡ ᠶᠢᠨ ᠳᠦᠷᠢᠮ ᠤᠨ ᠦᠭᠡᠷᠡᠴᠢᠯᠡᠯᠲᠡ ᠶᠢ ᠯᠠᠪᠳᠠᠭᠤᠨ ᠪᠠᠲᠣᠲᠠᠢ ᠪᠠᠷ ᠠᠬᠢᠭᠤᠯᠵᠣ᠂ ᠦᠮᠴᠢᠯᠡᠬᠦ ᠡᠷᠬᠡ ᠶᠢ ᠲᠣᠲᠣᠷᠬᠠᠶᠢᠯᠠᠵᠣ ᠪᠡᠯᠡ ᠮᠦᠩᠬᠦ ᠬᠠᠷᠭᠤᠭᠤᠯᠬᠤ ᠠᠵᠢᠯ ᠢ ᠲᠦᠷᠬᠡᠪᠴᠢᠯᠡᠨ ᠬᠢᠵᠦ᠂ ᠬᠠᠮᠢᠶᠠᠷᠣᠯᠲᠠ ᠶᠢᠨ ᠳᠦᠷᠢᠮ ᠢ ᠪᠠᠶᠢᠭᠤᠯᠣᠨ ᠪᠦᠷᠢᠨᠰᠢᠬᠦᠯᠵᠦ᠂ ᠴᠠᠭ ᠲᠣᠬᠠᠢ ᠳᠤᠨᠢ ᠳᠤᠲᠠᠭᠳᠠᠯ ᠢᠶᠠᠨ ᠡᠷᠢᠨ ᠭᠠᠷᠭᠠᠵᠣ᠂ ᠳ᠋ᠦᠩᠨᠡᠨ ᠪᠣᠳᠤᠵᠤ᠂ ᠵᠢᠯ ᠪᠦᠷᠢ ᠶᠢᠨ ᠳᠠᠭᠠᠭᠠᠴᠢᠯᠠᠭᠰᠠᠨ ᠡᠭᠦᠷᠬᠡ ᠪᠠᠨ ᠪᠡᠶᠡᠯᠡᠬᠦᠯᠬᠦ ᠶᠢ ᠪᠠᠲᠣᠯᠠᠬᠤ ᠭᠡᠷᠡᠭᠲᠡᠢ᠃ ᠠᠶᠢᠮᠠᠭ ᠤᠨ ᠲᠠᠷᠢᠶᠠᠯᠠᠩ ᠮᠠᠯᠵᠢᠯ ᠤᠨ ᠲᠠᠯᠠᠪᠠᠢ ᠶᠢᠨ ᠬᠠᠮᠢᠶᠠᠷᠣᠯᠲᠠ ᠶᠢᠨ ᠲᠣᠪᠴᠢᠶᠠᠨ ᠠᠴᠠ ︽ᠠᠳᠠᠷ ᠬᠠᠭᠠᠯᠪᠣᠷᠢᠯᠠᠭᠰᠠᠨ ᠭᠠᠵᠠᠷ ᠣᠷᠣᠨ ᠢ ᠪᠦᠯᠥᠭᠯᠡᠯ ᠪᠤᠯᠭᠠᠬᠤ᠂ ᠲᠠᠷᠢᠶᠠᠯᠠᠩ ᠤᠨ ᠲᠠᠯᠠᠪᠠᠢ ᠶᠢ ᠠᠵᠣ ᠠᠬᠤᠶᠢᠯᠠᠯ ᠪᠣᠯᠭᠠᠬᠤ᠂ ᠬᠤᠪᠢᠴᠠᠭᠠᠨ ᠤ ᠡᠷᠬᠡ ᠶᠢ ᠤᠯᠠᠨ ᠡᠰᠢᠵᠢᠬᠦᠯᠬᠦ ︾ ᠦᠭᠡᠷᠡᠴᠢᠯᠡᠯᠲᠡ ᠶᠢ ᠬᠦᠨᠵᠡᠭᠡᠶᠢᠷᠡᠭᠦᠯᠵᠦ ᠂ ᠭᠠᠵᠠᠷ ᠰᠢᠷᠣᠢ ᠶᠢᠨ ᠡᠬᠢ ᠪᠠᠶᠠᠯᠢᠭ ᠢ ᠬᠦᠷᠦᠩᠬᠡ ᠪᠣᠯᠭᠠᠬᠤ ᠠᠷᠭ᠎ᠠ ᠶᠢ ᠰᠦᠪᠡᠭᠴᠢᠯᠡᠵᠦ᠂ ᠤᠳᠤ ᠦᠶ᠎ᠡ ᠶᠢᠨ ᠲᠠᠷᠢᠶᠠᠯᠠᠩ ᠮᠠᠯ ᠠᠵᠣ ᠠᠬᠤᠢ ᠶᠢᠨ ᠪᠣᠬᠢᠷᠳᠣᠯ ᠦᠭᠡᠢ ᠬᠦᠭᠵᠢᠯᠲᠡ ᠶᠢᠨ ᠵᠢᠱᠢᠶ᠎ᠡ ᠦᠵᠡᠬᠦᠯᠬᠦ ᠰᠠᠭᠤᠷᠢᠨ ᠭᠠᠵᠠᠷ ᠢ ᠪᠠᠶᠢᠭᠤᠯᠵᠣ᠂ ᠤᠳᠤᠷᠢᠳᠣᠮᠵᠢ ᠶᠢᠨ ᠦᠢᠯᠡᠳᠦᠯ ᠢ ᠪᠠᠳᠠᠷᠠᠭᠤᠯᠤᠨ᠎ᠠ᠃ ᠮᠠᠯᠴᠢᠨ ᠲᠠᠷᠢᠶᠠᠴᠢᠨ ᠤ ᠬᠤᠷᠰᠢᠶᠠᠵᠢᠯ᠂ ᠭᠡᠷ ᠪᠦᠯᠢ ᠶᠢᠨ ᠲᠠᠷᠢᠶᠠᠯᠠᠩ ᠮᠠᠯᠵᠢᠯ ᠤᠨ ᠲᠠᠯᠠᠪᠠᠢ ᠵᠡᠷᠭᠡ ᠲᠠᠷᠢᠶᠠᠯᠠᠩ ᠮᠠᠯ ᠠᠵᠤ ᠠᠬᠤᠢ ᠶᠢᠨ ᠡᠵᠡᠩᠨᠡᠯᠲᠡ ᠶᠢᠨ ᠪᠡᠶᠡᠴᠢ ᠴᠤᠭᠴᠠ ᠶᠢᠨ ᠬᠦᠭᠵᠢᠯᠲᠡ᠂ ᠭᠠᠵᠠᠷ ᠰᠢᠷᠣᠢ᠂ ᠭᠠᠶᠢᠯᠢ ᠲᠠᠲᠠᠪᠣᠷᠢ᠂ ᠪᠡᠯᠡ ᠴᠤᠭᠯᠠᠭᠤᠯᠬᠤ ᠵᠡᠷᠭᠡ ᠲᠤᠰᠠᠯᠠᠨ ᠲᠡᠳᠬᠦᠬᠦ ᠲᠦᠷᠦ ᠶᠢᠨ ᠪᠣᠳᠤᠯᠭ᠎ᠠ ᠶᠢ ᠨᠠᠶᠢᠲᠠᠪᠣᠷᠢᠵᠢᠭᠤᠯᠵᠣ᠂ ᠲᠠᠷᠢᠶᠠᠯᠠᠩ ᠮᠠᠯ ᠠᠵᠣ ᠠᠬᠤᠢ ᠳᠤ ᠬᠤᠯᠪᠣᠭᠳᠠᠭᠰᠠᠨ ᠪᠡᠯᠡ ᠮᠦᠩᠬᠦ ᠶᠢ ᠨᠡᠶᠢᠳᠭᠡᠵᠦ᠂ ᠦᠢᠯᠡᠴᠢᠯᠡᠬᠡᠨ ᠤ ᠵᠢᠯᠣᠭᠤᠳᠤᠯᠭ᠎ᠠ ᠶᠢ ᠴᠢᠩᠭᠠᠳᠬᠠᠵᠤ᠂ ᠬᠤᠷᠰᠢᠶᠠᠵᠢᠯ ᠠᠴᠠ ᠭᠠᠵᠠᠷ ᠰᠢᠷᠥᠢ ᠶᠢᠨ ᠡᠷᠭᠡ ᠶᠢ ᠳᠠᠭᠠᠭᠠᠴᠢᠯᠠᠭᠤᠯᠬᠤ᠂ ᠭᠠᠵᠠᠷ ᠰᠢᠷᠣᠢ ᠶᠢ ᠬᠤᠪᠢᠴᠭᠠᠨ ᠳᠤ ᠣᠷᠤᠭᠤᠯᠬᠤ ᠵᠡᠷᠭᠡ ᠬᠡᠯᠪᠡᠷᠢ ᠪᠠᠷ ᠬᠡᠪᠴᠢᠶᠡᠵᠢᠯ ᠤᠨ ᠲᠠᠷᠢᠵᠤ ᠤᠷᠭᠤᠭᠤᠯᠬᠤ᠂ ᠳᠦᠷᠢᠮᠵᠢᠭᠰᠡᠨ ᠦᠢᠯᠡᠳᠪᠦᠷᠢᠯᠡᠯ᠂ ᠠᠵᠣ ᠦᠢᠯᠡᠰᠵᠢᠯᠲᠡ ᠶᠢᠨ ᠡᠵᠡᠩᠨᠡᠯᠲᠡ ᠶᠢ ᠲᠦᠯᠬᠢᠨ ᠠᠬᠢᠭᠤᠯᠣᠨ᠎ᠠ᠃ ᠪᠦᠬᠦ ᠵᠢᠯ ᠳᠤ 150 ᠬᠤᠷᠰᠢᠶᠠᠵᠢᠯ᠂ 50 ᠵᠢᠱᠢᠶ᠎ᠡ ᠦᠵᠡᠬᠦᠯᠬᠦ ᠬᠤᠷᠰᠢᠶᠠᠵᠢᠯ ᠢ ᠪᠠᠶᠢᠭᠤᠯᠣᠨ ᠦᠨᠡᠯᠡᠨ ᠲᠣᠭᠲᠠᠭᠠᠵᠣ᠂ ᠮᠠᠯᠴᠢᠨ ᠲᠠᠷᠢᠶᠠᠴᠢᠨ ᠪᠣᠯᠣᠨ ᠳᠠᠭᠠᠭᠤᠯᠤᠬᠴᠢ ᠠᠵᠣ ᠠᠬᠤᠶᠢᠯᠠᠯ ᠤᠨ ᠬᠤᠭᠤᠷᠤᠳᠤᠬᠢ ᠠᠰᠢᠭ ᠲᠤᠰᠠ ᠶᠢᠨ ᠬᠠᠮᠵᠢᠯᠴᠠᠭ᠎ᠠ ᠶᠢᠨ ᠲᠣᠭᠲᠠᠴᠠ ᠶᠢᠨ ᠬᠠᠷᠢᠴᠠᠯ ᠢ 70% ᠠᠴᠠ ᠳᠡᠭᠡᠭᠰᠢ ᠪᠣᠯᠭᠠᠨ᠎ᠠ᠃ ᠪᠠᠶᠢᠭᠤᠯᠬᠤ ᠪᠣᠯᠣᠨ ᠬᠠᠮᠢᠶᠠᠷᠬᠤ ᠶᠢ ᠬᠠᠮᠲᠣ ᠳᠤᠨᠢ ᠴᠢᠬᠤᠯᠠᠴᠢᠯᠠᠬᠤ ᠶᠢ ᠪᠠᠷᠢᠮᠳᠠᠯᠠᠵᠣ᠂ ᠪᠠᠭ᠎ᠠ ᠬᠡᠯᠪᠡᠷᠢ ᠶᠢᠨ ᠤᠰᠤᠨ ᠠᠰᠢᠭᠯᠠᠯᠲᠠ ᠶᠢᠨ ᠪᠠᠷᠢᠯᠭ᠎ᠠ ᠶᠢᠨ ᠬᠠᠮᠢᠶᠠᠷᠣᠯᠲᠠ ᠶᠢᠨ ᠪᠠᠶᠢᠭᠤᠯᠣᠮᠵᠢ ᠶᠢᠨ ᠦᠭᠡᠷᠡᠴᠢᠯᠡᠯᠲᠡ ᠶᠢ ᠲᠦᠯᠬᠢᠨ ᠠᠬᠢᠭᠤᠯᠵᠣ᠂ ᠦᠮᠴᠢᠯᠡᠬᠦ ᠡᠷᠭᠡ ᠶᠢ ᠨᠢ ᠲᠣᠲᠣᠷᠬᠠᠶᠢᠯᠠᠵᠣ ᠳᠡᠶᠢᠯᠬᠦ ᠴᠠᠬᠢᠯᠭᠠᠨ ᠮᠠᠰᠢᠨ ᠬᠤᠳᠳᠤᠭ ᠵᠡᠷᠭᠡ ᠲᠣᠨᠤᠭ ᠲᠦᠬᠦᠭᠡᠷᠦᠮᠵᠢ ᠶᠢ ᠴᠠᠬᠢᠯᠭᠠᠨ ᠬᠠᠩᠭᠠᠬᠤ ᠰᠠᠯᠠᠭ᠎ᠠ ᠮᠦᠴᠢᠷ ᠪᠣᠯᠣᠨ ᠲᠣᠰᠬᠤᠨ᠂ ᠰᠢᠨ᠎ᠡ ᠬᠡᠯᠪᠡᠷᠢ ᠶᠢᠨ ᠡᠵᠡᠩᠨᠡᠯᠲᠡ ᠶᠢᠨ ᠭᠤᠣᠯ ᠴᠤᠭᠴᠠ ᠳᠤ ᠪᠣᠴᠠᠭᠠᠵᠣ᠂ ᠬᠠᠮᠤᠭ ᠶᠡᠭᠡ ᠦᠷ᠎ᠡ ᠪᠦᠲᠦᠮᠵᠢ ᠶᠢ ᠪᠠᠳᠠᠷᠠᠭᠤᠯᠣᠨ᠎ᠠ᠃     ᠭᠤᠷᠪᠠ ᠳᠤ᠂ ᠦᠵᠡᠰᠬᠦᠯᠡᠩᠲᠦ ᠰᠠᠶᠢᠬᠠᠨ ᠬᠦᠳᠡᠭᠡ ᠲᠤᠰᠬᠤᠨ ᠢ ᠪᠠᠶᠢᠭᠤᠯᠣᠨ ᠴᠡᠭᠴᠡᠯᠡᠬᠦ ᠶᠢ ᠯᠠᠪᠳᠠᠭᠤᠨ ᠪᠠᠲᠣᠲᠠᠢ ᠲᠦᠯᠬᠢᠨ ᠠᠬᠢᠭᠤᠯᠣᠨ᠎ᠠ᠃ ᠪᠣᠬᠢᠷᠳᠣᠯ ᠦᠭᠡᠢ ᠬᠦᠭᠵᠢᠯᠲᠡ᠂ ᠡᠶ᠎ᠡ ᠵᠣᠬᠢᠴᠠᠩᠭᠤᠢ ᠬᠦᠭᠵᠢᠯᠲᠡ ᠶᠢᠨ ᠤᠨᠤᠯᠵᠢᠬᠤᠨ ᠢ ᠪᠠᠷᠢᠮᠲᠠᠯᠠᠵᠣ᠂ ᠬᠦᠳᠡᠭᠡ ᠲᠣᠰᠬᠤᠨ ᠤ ᠳᠦᠷᠢ ᠳᠦᠷᠬᠦ ᠶᠢ ᠶᠡᠭᠡ ᠪᠠᠷ ᠰᠠᠶᠢᠵᠢᠷᠠᠭᠤᠯᠵᠤ᠂ ᠨᠤᠳᠤᠭ ᠤᠰᠤᠨ ᠤ ᠵᠠᠩ ᠦᠢᠯᠡ ᠶᠢᠨ ᠠᠬᠤᠭᠤᠯᠣᠭᠳᠠᠬᠤᠨ ᠢ ᠲᠠᠰᠤᠷᠠᠯᠲᠠ ᠦᠭᠡᠢ ᠪᠠᠶᠠᠯᠢᠭᠵᠢᠭᠤᠯᠣᠨ᠎ᠠ᠃ ᠭᠤᠷᠪᠠᠨ ᠵᠢᠯ ᠤᠨ ᠬᠦᠳᠡᠭᠡ ᠲᠤᠰᠬᠤᠨ ᠮᠠᠯᠵᠢᠬᠤ ᠣᠷᠣᠨ ᠤ ᠰᠠᠭᠤᠭᠠᠯᠢ ᠠᠷᠠᠳ ᠤᠨ ᠣᠷᠴᠢᠨ ᠲᠣᠭᠤᠷᠢᠨ ᠢ ᠵᠠᠰᠠᠨ ᠰᠠᠶᠢᠵᠢᠷᠠᠭᠤᠯᠬᠤ ᠠᠵᠢᠯᠯᠠᠭᠠᠨ ᠢ ᠦᠷᠨᠢᠬᠦᠯᠵᠦ᠂ ︽ᠪᠦᠬᠦ ᠴᠢᠳᠠᠯ ᠢᠶᠠᠨ ᠭᠠᠷᠭᠠᠨ᠂ ᠴᠢᠳᠠᠯ ᠤᠨ ᠬᠢᠷᠢ ᠪᠠᠷ ᠬᠢᠵᠦ᠂ ᠨᠡᠶᠢᠲᠡᠯᠢᠭ ᠵᠢᠱᠢᠶ᠎ᠠ ᠪᠠᠷ ᠤᠳᠤᠷᠢᠳᠣᠮᠵᠢ ᠪᠣᠯᠭᠠᠵᠣ᠂ ᠣᠷᠢᠳᠠᠪᠠᠷ ᠬᠢᠯᠪᠠᠷ ᠠᠴᠠ ᠨᠢ ᠭᠠᠷᠳᠠᠵᠤ ᠲᠠᠷᠠᠭ᠎ᠠ ᠨᠢ ᠬᠦᠴᠢᠷ ᠢ ᠨᠢ ᠬᠢᠬᠦ ︾ ᠵᠠᠷᠴᠢᠮ ᠢᠶᠠᠷ ︽ᠵᠠᠭᠤᠨ ᠲᠣᠰᠬᠤᠨ ᠢᠶᠠᠷ ᠵᠢᠱᠢᠶ᠎ᠡ ᠦᠵᠡᠬᠦᠯᠵᠦ᠂ ᠮᠢᠩᠭᠠᠨ ᠲᠣᠰᠬᠤᠨ ᠢ ᠵᠠᠰᠠᠨ ᠰᠠᠶᠢᠵᠢᠷᠠᠭᠤᠯᠬᠤ ︾ ᠢᠨᠵᠧᠨᠧᠷᠢᠩ ᠢ ᠡᠬᠢᠯᠡᠬᠦᠯᠵᠦ᠂ ᠵᠣᠷᠯᠣᠩ ᠤᠨ ᠬᠤᠪᠢᠰᠬᠠᠯ᠂ ᠬᠤᠭ ᠨᠣᠪᠰᠢ᠂ ᠪᠣᠵᠠᠷ ᠤᠰᠤ ᠶᠢ ᠰᠢᠢᠳᠪᠦᠷᠢᠯᠡᠬᠦ᠂ ᠲᠣᠰᠬᠤᠨ ᠤ ᠦᠩᠬᠡ ᠳᠦᠷᠬᠦ ᠶᠢ ᠰᠠᠶᠢᠵᠢᠷᠠᠭᠤᠯᠬᠤ ᠭᠤᠷᠪᠠᠨ ᠭᠤᠣᠯᠳᠠᠯᠭᠠᠲᠣ ᠠᠵᠢᠯ ᠢ ᠰᠠᠶᠢᠲᠣᠷ ᠬᠢᠵᠦ᠂ ᠭᠤᠣᠯ ᠤᠨ ᠲᠤᠬᠤᠢ ᠶᠢ ᠰᠢᠨᠡᠳᠬᠡᠨ ᠵᠠᠰᠠᠬᠤ᠂ ᠭᠠᠴᠠᠭ᠎ᠠ ᠲᠣᠰᠬᠤᠨ ᠢ ᠨᠣᠭᠤᠭᠠᠷᠠᠭᠤᠯᠬᠤ ᠠᠵᠢᠯᠯᠠᠭᠠᠨ ᠢ ᠦᠷᠨᠢᠬᠦᠯᠵᠦ᠂ ᠬᠦᠳᠡᠭᠡ ᠲᠣᠰᠬᠤᠨ ᠮᠠᠯᠵᠢᠬᠤ ᠣᠷᠣᠨ ᠤ ᠵᠠᠰᠠᠮᠠᠯ ᠵᠠᠮ᠂ ᠴᠢᠮᠡᠭᠡ ᠨᠡᠪᠲᠡᠷᠡᠯᠬᠡ᠂ ᠴᠠᠬᠢᠯᠭᠠᠨ ᠲᠣᠣᠷ ᠵᠡᠷᠭᠡ ᠲᠦᠬᠦᠭᠡᠷᠦᠮᠵᠢ ᠶᠢ ᠰᠢᠨᠡᠳᠭᠡᠬᠦ ᠠᠵᠢᠯ ᠢ ᠲᠦᠯᠬᠢᠨ ᠠᠬᠢᠭᠤᠯᠣᠨ᠎ᠠ᠃ ᠪᠣᠯᠪᠠᠰᠤᠨ ᠭᠠᠴᠠᠭ᠎ᠠ ᠲᠣᠰᠬᠤᠨ᠂ ᠪᠣᠯᠪᠠᠰᠤᠨ ᠡᠷᠦᠬᠡ᠂ ᠰᠠᠶᠢᠨ ᠬᠦᠷᠰᠢ ᠵᠡᠷᠭᠡᠯᠡᠳᠡᠭᠡ᠂ ᠠᠴᠢᠯᠠᠯ ᠵᠢᠷᠤᠮ ᠲᠠᠢ ᠬᠦᠦ ᠪᠡᠷᠢ ᠵᠡᠷᠭᠡ ᠰᠠᠶᠢᠨ ᠰᠠᠶᠢᠬᠠᠨ ᠬᠡᠪ ᠰᠤᠷᠳᠠᠯ ᠢ ᠪᠠᠳᠠᠷᠠᠭᠤᠯᠵᠣ᠂ ᠠᠷᠠᠳ ᠤᠨ ᠰᠡᠳᠭᠢᠯ ᠢ ᠨᠢᠭᠲᠠᠷᠠᠭᠤᠯᠬᠤ᠂ ᠪᠣᠲᠠᠲᠠᠢ ᠳᠤ ᠨᠡᠶᠢᠴᠡᠭᠰᠡᠨ ᠣᠶᠣᠨ ᠤ ᠪᠣᠯᠪᠠᠰᠤᠨ ᠢ ᠡᠭᠦᠳᠦᠨ ᠪᠠᠶᠢᠭᠤᠯᠬᠤ ᠠᠵᠢᠯᠯᠠᠭᠠᠨ ᠢ ᠬᠦᠨᠵᠡᠭᠡᠢ ᠦᠷᠨᠢᠬᠦᠯᠵᠦ᠂ ᠦᠨᠳᠦᠰᠦᠨ ᠱᠠᠲᠣᠨ ᠤ ᠶᠡᠷᠦᠩᠬᠡᠶᠢᠯᠡᠭᠰᠡᠨ ᠴᠢᠨᠠᠷᠲᠠᠢ ᠰᠤᠶᠣᠯ ᠤᠨ ᠦᠢᠯᠡᠴᠢᠯᠡᠬᠡᠨ ᠤ ᠲᠦᠪ ᠤᠨ ᠪᠠᠶᠢᠭᠤᠯᠣᠯᠲᠠ ᠶᠢ ᠴᠢᠩᠭᠠᠳᠬᠠᠵᠣ᠂ ᠤᠯᠠᠭᠠᠨᠮᠦ᠋ᠴᠢᠷ ᠤᠨ ᠰᠤᠶᠣᠯ ᠢ ᠬᠦᠳᠡᠭᠡ ᠪᠠᠭᠤᠯᠭᠠᠬᠤ ᠵᠡᠷᠭᠡ ᠠᠵᠢᠯᠯᠠᠭᠠᠨ ᠢ ᠪᠠᠶᠠᠯᠢᠭᠵᠢᠭᠤᠯᠤᠨ ᠦᠨᠳᠦᠰᠦᠲᠡᠨ ᠤ ᠣᠯᠠᠮᠵᠢᠯᠠᠯᠲᠣ ᠰᠢᠯᠢᠳᠡᠭ ᠰᠤᠶᠣᠯ ᠢ ᠤᠯᠠᠮᠵᠢᠯᠠᠨ ᠬᠦᠭᠵᠢᠬᠦᠯᠦᠨ᠎ᠡ᠃    ︵ᠳᠦᠷᠪᠡ ︶ ᠠᠷᠠᠳ ᠠᠴᠠ ᠡᠵᠡᠩᠨᠡᠭᠰᠡᠨ ᠠᠵᠣ ᠠᠬᠤᠢ ᠶᠢᠨ ᠡᠷᠡᠭᠦᠯ ᠢᠶᠠᠷ ᠬᠦᠭᠵᠢᠬᠦ ᠶᠢ ᠳᠡᠮᠵᠢᠵᠦ᠂ ᠵᠠᠬ᠎ᠠ ᠳᠡᠯᠬᠡᠬᠦᠷ ᠤᠨ ᠡᠯ᠎ᠡ ᠵᠦᠢᠯ ᠤᠨ ᠪᠡᠶᠡᠴᠢ ᠴᠤᠭᠴᠠ ᠶᠢᠨ ᠠᠮᠢᠵᠢᠷᠠᠯ ᠤᠨ ᠬᠦᠴᠦᠨ ᠢ ᠰᠡᠷᠭᠦᠬᠡᠨ᠎ᠡ᠃ ᠠᠷᠠᠳ ᠠᠴᠠ ᠡᠵᠡᠩᠨᠡᠭᠰᠡᠨ ᠠᠵᠣ ᠠᠬᠤᠢ ᠶᠢᠨ ᠦᠷᠬᠦᠯᠵᠢᠯᠡᠬᠦ᠋ᠢᠴᠡ ᠡᠷᠡᠭᠦᠯ ᠢᠶᠠᠷ ᠬᠦᠭᠵᠢᠬᠦ ᠶᠢ ᠭᠤᠶᠢᠪᠢᠰᠢ ᠦᠭᠡᠢ ᠳᠡᠮᠵᠢᠵᠦ᠂ ᠲᠡᠲᠡᠨ ᠤ ᠠᠮᠢᠵᠢᠷᠠᠯ ᠤᠨ ᠬᠦᠴᠦᠨ ᠢᠶᠠᠨ ᠰᠡᠷᠭᠦᠬᠡᠵᠦ᠂ ᠠᠮᠵᠢᠯᠲᠠ ᠲᠠᠢ ᠪᠠᠷ ᠪᠦᠲᠦᠴᠡ ᠪᠠᠨ ᠬᠤᠪᠢᠷᠠᠭᠤᠯᠵᠣ᠂ ᠬᠦᠷᠦᠩᠬᠡ ᠴᠤᠭᠯᠠᠭᠤᠯᠬᠤ ᠶᠢ ᠬᠠᠪᠰᠤᠷᠤᠨ᠎ᠠ᠃     ᠨᠢᠭᠡ ᠳᠤ᠂ ᠲᠡᠷᠢᠭᠦᠨ ᠳᠡᠰ ᠤᠨ ᠬᠤᠳᠠᠯᠳᠤᠭ᠎ᠠ ᠡᠷᠭᠢᠯᠡᠬᠦ ᠣᠷᠴᠢᠨ ᠲᠣᠭᠤᠷᠢᠨ ᠢ ᠪᠣᠢ ᠪᠣᠯᠭᠠᠨ᠎ᠠ᠃ ︽ᠲᠠᠯᠪᠢᠬᠤ ᠬᠠᠮᠢᠶᠠᠷᠬᠤ ᠦᠢᠯᠡᠴᠢᠯᠡᠬᠦ ︾ ᠦᠭᠡᠷᠡᠴᠢᠯᠡᠯᠲᠡ ᠪᠣᠯᠣᠨ ᠬᠤᠳᠠᠯᠳᠤᠭᠠᠨ ᠤ ᠶᠠᠪᠣᠳᠠᠯ ᠤᠨ ᠳᠦᠷᠢᠮ ᠤᠨ ᠦᠭᠡᠷᠡᠴᠢᠯᠡᠯᠲᠡ ᠶᠢ ᠬᠦᠨᠵᠡᠭᠡᠶᠢᠷᠡᠭᠦᠯᠵᠦ᠂ ᠬᠠᠷᠢᠴᠠᠩᠭᠤᠢ ᠲᠦᠪᠯᠡᠷᠡᠭᠰᠡᠨ ᠵᠠᠰᠠᠭ ᠵᠠᠬᠢᠷᠭᠠᠨ ᠤ ᠵᠦᠪᠰᠢᠶᠡᠷᠡᠯ ᠤᠨ ᠡᠷᠬᠡ ᠶᠢ ᠬᠤᠪᠢᠶᠠᠷᠢᠯᠠᠨ ᠰᠢᠯᠵᠢᠭᠦᠯᠬᠦ ᠶᠢ ᠲᠦᠯᠬᠢᠨ ᠠᠬᠢᠭᠤᠯᠵᠣ᠂ ︽ᠣᠯᠠᠨ ᠦᠨᠡᠮᠯᠡᠯ ᠢ ᠨᠢᠬᠡᠳᠬᠡᠬᠦ ︾ ᠦᠬᠡᠷᠡᠴᠢᠯᠡᠯᠲᠡ ᠶᠢᠨ ᠰᠠᠭᠤᠷᠢᠨ ᠳᠡᠭᠡᠷ᠎ᠡ ᠠᠵᠤ ᠠᠬᠤᠶᠢᠯᠠᠯ ᠤᠨ ᠪᠦᠬᠦ᠋ᠢᠯᠡ ᠶᠠᠪᠣᠴᠠ ᠳᠤ ᠡᠯᠧᠺᠳ᠋ᠷᠣᠨᠴᠢᠯᠡᠭᠰᠠᠨ ᠳᠠᠩᠰᠠᠯᠠᠯᠳᠠ ᠪᠣᠯᠣᠨ ᠡᠯᠧᠺᠳ᠋ᠷᠣᠨᠴᠢᠯᠡᠭᠰᠠᠨ ᠡᠵᠡᠩᠨᠡᠯᠲᠡ ᠶᠢᠨ ᠪᠠᠲᠣᠯᠠᠪᠣᠷᠢ ᠪᠢᠴᠢᠭ᠂ ᠠᠵᠣ ᠠᠬᠤᠶᠢᠯᠠᠯ ᠤᠨ ᠨᠡᠷᠡᠶᠢᠳᠦᠯ ᠬᠢᠬᠡᠳ ᠬᠦᠴᠦᠨ ᠦᠭᠡᠢ ᠪᠣᠯᠭᠠᠬᠤ ᠪᠣᠶᠣ ᠳᠠᠩᠰᠠᠯᠠᠬᠤ ᠶᠠᠪᠣᠴᠠ ᠶᠢ ᠲᠣᠪᠴᠢ ᠠᠪᠰᠠᠷᠬᠠᠨ ᠪᠤᠯᠭᠠᠬᠤ ᠦᠭᠡᠷᠡᠴᠢᠯᠡᠯᠲᠡ ᠶᠢ ᠲᠦᠷᠬᠡᠳᠬᠡᠨ᠎ᠡ᠃ ︽ᠭᠡᠷᠡᠴᠢ ᠲᠡᠮᠳᠡᠭ ᠬᠠᠷᠢᠯᠴᠠᠨ ᠰᠠᠯᠣᠩᠬᠢ ᠪᠠᠶᠢᠬᠤ ︾ ᠵᠡᠷᠭᠡ ᠦᠭᠡᠷᠡᠴᠢᠯᠡᠯᠲᠡ ᠶᠢᠨ ᠬᠠᠷᠢᠭᠤᠴᠠᠯᠭ᠎ᠠ ᠶᠢ ᠰᠠᠶᠢᠲᠣᠷ ᠨᠠᠶᠢᠲᠠᠪᠣᠷᠢᠵᠢᠭᠤᠯᠵᠣ᠂ ᠠᠷᠠᠳ ᠢᠷᠭᠡᠳ ᠤᠨ ᠪᠡᠯᠡ ᠣᠷᠣᠭᠤᠯᠬᠤ ᠦᠶ᠎ᠡ ᠶᠢᠨ ᠬᠦᠴᠢᠷ ᠲᠠᠢ ᠠᠰᠠᠭᠤᠳᠠᠯ ᠢ ᠦᠬᠡᠶᠢᠰᠭᠡᠨ᠎ᠡ᠃ ᠠᠵᠤ ᠠᠬᠤᠶᠢᠯᠠᠯ ᠳᠤ ᠬᠤᠯᠪᠣᠭᠳᠠᠭᠰᠠᠨ ᠰᠦᠢᠳᠭᠡᠯ ᠬᠤᠷᠢᠶᠠᠬᠤ ᠠᠵᠢᠯ᠂ ᠵᠠᠭᠤᠴᠢ ᠶᠢᠨ ᠦᠢᠯᠡᠴᠢᠯᠡᠬᠡᠨ ᠢ ᠳᠦᠷᠢᠮᠵᠢᠬᠦᠯᠵᠦ᠂ ᠦᠨᠡᠮᠯᠡᠯ ᠢ ᠪᠠᠭᠠᠰᠬᠠᠵᠤ ᠠᠷᠠᠳ ᠲᠤ ᠳᠦᠬᠦᠮ ᠦᠵᠡᠬᠦᠯᠦᠨ᠎ᠡ᠃ ︽ᠬᠤᠶᠠᠷ ᠢ ᠪᠠᠶᠢᠳᠠᠯ ᠳᠤ ᠵᠤᠬᠢᠴᠠᠭᠤᠯᠵᠤ ᠨᠢᠬᠡ ᠶᠢ ᠢᠯᠡ ᠪᠣᠯᠭᠠᠬᠤ ︾ ᠬᠢᠨᠠᠯᠲᠠ ᠬᠠᠮᠢᠶᠠᠷᠣᠯᠲᠠ ᠶᠢ ᠪᠦᠬᠦ ᠲᠠᠯ᠎ᠠ ᠪᠠᠷ ᠭᠡᠷᠡᠭᠵᠢᠭᠦᠯᠵᠦ᠂ ᠰᠠᠯᠠᠭ᠎ᠠ ᠮᠦᠴᠢᠷ ᠠᠴᠠ ᠬᠠᠮᠲᠣᠷᠠᠨ ᠬᠢᠨᠠᠨ ᠬᠠᠮᠢᠶᠠᠷᠬᠤ ᠬᠢᠬᠡᠳ ᠬᠠᠮᠲᠣ ᠪᠠᠷ ᠶᠠᠯᠠᠯᠠᠨ ᠲᠣᠷᠭᠠᠨ᠎ᠠ᠃ ︽ᠢᠨᠳ᠋ᠷ ᠰᠦᠯᠵᠢᠶ᠎ᠡ + ᠵᠠᠰᠠᠭ ᠤᠨ ᠣᠷᠳᠣᠨ ᠤ ᠦᠢᠯᠡᠴᠢᠯᠡᠭᠡ ︾ ᠶᠢᠨ ᠠᠶᠢᠮᠠᠭ ᠬᠤᠰᠢᠭᠤ ᠰᠤᠮᠤ ᠭᠠᠴᠠᠭ᠎ᠠ ᠳᠦᠷᠪᠡᠨ ᠱᠠᠲᠤ ᠪᠠᠷ ᠬᠦᠳᠡᠯᠦᠯᠴᠡᠬᠦ ᠶᠢ ᠠᠬᠢᠭᠤᠯᠵᠣ᠂ ᠰᠦᠯᠵᠢᠶᠡᠨ ᠳᠡᠭᠡᠷᠡᠬᠢ ᠵᠠᠰᠠᠭ ᠤᠨ ᠶᠠᠪᠣᠳᠠᠯ ᠤᠨ ᠦᠢᠯᠡᠴᠢᠯᠡᠬᠡᠨ ᠤ ᠶᠡᠭᠡ ᠲᠢᠩᠬᠢᠮ ᠪᠣᠶᠣ ᠪᠣᠲᠠᠲᠣ ᠦᠢᠯᠡᠴᠢᠯᠡᠬᠡᠨ ᠤ ᠶᠡᠭᠡ ᠲᠢᠩᠬᠢᠮ ᠤᠨ ᠬᠠᠮᠲᠣ ᠪᠠᠷ ᠬᠦᠭᠵᠢᠬᠦ ᠶᠢ ᠨᠢᠬᠡᠲᠦᠯᠲᠡᠢ ᠲᠦᠯᠦᠪᠯᠡᠵᠦ᠂ ᠰᠠᠯᠠᠭ᠎ᠠ ᠮᠦᠴᠢᠷ ᠤᠨ ᠬᠤᠭᠤᠷᠤᠨᠳᠦᠬᠢ᠂ ᠭᠠᠵᠠᠷ ᠣᠷᠣᠨ ᠤ ᠬᠤᠭᠤᠷᠤᠨᠳᠤᠬᠢ ︽ᠰᠤᠷᠠᠭ ᠵᠠᠩᠬᠢ ᠨᠡᠪᠲᠡᠷᠡᠬᠦ ᠦᠭᠡᠢ ︾ ᠪᠠᠶᠢᠳᠠᠯ ᠢ ᠬᠤᠪᠢᠷᠠᠭᠤᠯᠵᠤ᠂ ︽ᠬᠠᠮᠤᠭ ᠢᠯᠡᠭᠦᠦ ᠳᠤ ᠪᠠᠨ ᠭᠠᠭᠴᠠᠬᠠᠨ ᠭᠠᠵᠠᠷ ᠲᠤ ᠣᠴᠢᠬᠤ ︾ ᠬᠢᠬᠡᠳ ︽ᠰᠦᠯᠵᠢᠶᠡᠨ ᠳᠡᠭᠡᠷ᠎ᠡ ᠨᠢᠬᠡᠲᠦᠯᠲᠡᠢ ᠰᠢᠢᠳᠪᠦᠷᠢᠯᠡᠬᠦ ︾ ᠪᠠᠶᠢᠳᠠᠯ ᠢ ᠲᠦᠷᠬᠡᠪᠴᠢᠯᠡᠨ ᠪᠣᠢ ᠪᠣᠯᠭᠠᠨ᠎ᠠ᠃     ᠬᠤᠶᠠᠷ ᠲᠤ᠂ ᠠᠵᠤ ᠦᠢᠯᠡᠰ ᠢᠶᠠᠷ ᠬᠠᠪᠰᠤᠷᠣᠨ ᠲᠡᠳᠭᠦᠬᠦ ᠲᠦᠷᠦ ᠶᠢᠨ ᠪᠣᠳᠣᠯᠭ᠎ᠠ ᠶᠢ ᠪᠦᠬᠦ ᠲᠠᠯ᠎ᠠ ᠪᠠᠷ ᠨᠠᠶᠢᠲᠠᠪᠣᠷᠢᠵᠢᠭᠤᠯᠣᠨ᠎ᠠ᠃ ᠮᠠᠨ ᠤ ᠠᠶᠢᠮᠠᠭ ᠤᠨ ᠠᠷᠠᠳ ᠠᠴᠠ ᠡᠵᠡᠩᠨᠡᠭᠰᠡᠨ ᠠᠵᠣ ᠠᠬᠤᠢ ᠶᠢᠨ ᠴᠢᠨᠠᠷ ᠰᠠᠶᠢᠳᠠᠢ ᠲᠠᠪᠠᠯᠳᠠᠳᠤ ᠬᠦᠭᠵᠢᠯᠲᠡ ᠶᠢᠨ ᠪᠣᠲᠠᠲᠠᠢ ᠠᠷᠭ᠎ᠠ ᠶᠢ ᠲᠣᠭᠲᠠᠭᠠᠵᠤ᠂ ᠠᠵᠣ ᠦᠢᠯᠡᠰ ᠢᠶᠠᠷ ᠬᠠᠪᠰᠤᠷᠣᠨ ᠲᠡᠳᠭᠦᠬᠦ ᠪᠣᠯᠣᠨ ᠭᠠᠶᠢᠯᠢ ᠶᠢ ᠪᠠᠭᠠᠰᠬᠠᠵᠣ ᠰᠦᠢᠳᠬᠡᠯ ᠪᠠᠭ᠎ᠠ ᠬᠤᠷᠢᠶᠠᠬᠤ ᠠᠷᠭ᠎ᠠ ᠠᠪᠴᠤ᠂ ᠭᠤᠣᠯᠳᠠᠯᠭᠠᠲᠤ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠳᠤ ︽ᠲᠣᠰ ᠪᠦᠷᠢ ᠶᠢ ᠬᠠᠷᠠᠭᠠᠯᠵᠠᠬᠤ ︾ ᠦᠢᠯᠡᠴᠢᠯᠡᠬᠡᠨ ᠢ ᠬᠦᠷᠳᠡᠭᠡᠵᠦ᠂ ᠲᠣᠭᠲᠠᠭᠤᠨ ᠢᠶᠠᠷ ᠡᠵᠡᠩᠨᠡᠵᠦ ᠪᠠᠶᠢᠬᠤ ᠠᠵᠤ ᠠᠬᠤᠶᠢᠯᠠᠯ ᠢ ᠵᠣᠷᠢᠭᠵᠢᠭᠤᠯᠤᠨ᠎ᠠ᠃ ᠰᠢᠨᠵᠢᠯᠡᠬᠦ ᠤᠬᠠᠭᠠᠨ ᠮᠡᠷᠭᠡᠵᠢᠯ ᠤᠨ ᠪᠡᠯᠡ ᠣᠷᠣᠭᠤᠯᠣᠯᠲᠠ ᠪᠠᠨ ᠨᠡᠮᠡᠭᠳᠡᠭᠦᠯᠵᠦ᠂ ᠳᠡᠭᠡᠲᠦ ᠰᠢᠨ᠎ᠡ ᠮᠡᠷᠭᠡᠵᠢᠯ ᠢᠶᠠᠷ ᠠᠵᠤ ᠠᠬᠤᠶᠢᠯᠠᠯ ᠢ ᠲᠤᠰᠠᠯᠠᠨ ᠲᠡᠮᠵᠢᠬᠦ ᠲᠣᠭᠲᠠᠴᠠ ᠶᠢ ᠪᠦᠷᠢᠨᠰᠢᠬᠦᠯᠦᠨ᠎ᠡ᠂ ᠤᠯᠤᠰ ᠤᠨ ᠳᠡᠰ ᠤᠨ ᠳᠡᠭᠡᠲᠦ ᠰᠢᠨ᠎ᠡ ᠮᠡᠷᠭᠡᠵᠢᠯ ᠤᠨ ᠠᠵᠤ ᠠᠬᠤᠶᠢᠯᠠᠯ᠂ ᠠᠺᠠᠳᠧᠮᠢᠴᠢ ᠶᠢᠨ ᠲᠣᠰᠬᠠᠢ ᠮᠡᠷᠭᠡᠵᠢᠯᠲᠡᠨ ᠤ ᠠᠵᠢᠯ ᠤᠨ ᠦᠷᠲᠡᠭᠡ᠂ ᠰᠢᠨ᠎ᠡ ᠶᠢ ᠡᠭᠦᠳᠬᠦ ᠣᠷᠣᠨ ᠵᠠᠢ ᠬᠢᠬᠡᠳ ᠰᠢᠨ᠎ᠡ ᠪᠠᠷ ᠭᠡᠷᠡᠴᠢᠯᠡᠭᠰᠡᠨ ᠤᠯᠤᠰ ᠤᠨ ᠭᠠᠵᠠᠷ ᠵᠦᠢ ᠶᠢᠨ ᠭᠡᠷᠡᠴᠢ ᠲᠡᠮᠲᠡᠭ ᠲᠠᠢ ᠦᠢᠯᠡᠳᠭᠦᠨ ᠢ ᠦᠷᠬᠦᠯᠵᠢᠯᠡᠨ ᠲᠤᠰᠠᠯᠠᠨ ᠲᠡᠳᠬᠦᠵᠦ᠂ ᠪᠡᠯᠡ ᠮᠦᠩᠬᠦ ᠶᠢᠨ ᠨᠦᠬᠦᠪᠦᠷᠢ ᠦᠭᠬᠦᠨ᠎ᠡ᠃ ᠡᠯ᠎ᠡ ᠪᠠᠩᠬᠢ ᠶᠢᠨ ᠦᠢᠯᠡᠰ ᠤᠨ ᠮᠦᠩᠬᠦᠨ ᠬᠦᠢᠯᠬᠡᠬᠡᠨ ᠤ ᠪᠠᠶᠢᠭᠤᠯᠣᠮᠵᠢ ᠠᠴᠠ ︽ᠬᠤᠶᠠᠷ ᠢ ᠨᠡᠮᠡᠭᠳᠡᠬᠦᠯᠦᠨ ᠬᠤᠶᠠᠷ ᠢ ᠡᠵᠡᠮᠳᠡᠬᠦ ︾ ᠬᠠᠷᠠᠯᠲᠠ ᠶᠢ ᠪᠡᠶᠡᠯᠡᠭᠦᠯᠬᠦ ᠢᠲᠡᠭᠡᠮᠵᠢᠲᠦ ᠵᠢᠭᠡᠯᠡᠯᠭᠡ ᠶᠢᠨ ᠲᠦᠯᠦᠪᠯᠡᠭᠡ ᠲᠣᠭᠲᠠᠭᠠᠵᠤ᠂ ᠪᠠᠭ᠎ᠠ ᠵᠢᠵᠢᠭ ᠠᠵᠤ ᠠᠬᠤᠶᠢᠯᠠᠯ ᠤᠨ ᠵᠢᠬᠡᠯᠡᠯᠭᠡ ᠶᠢᠨ ᠡᠵᠡᠯᠡᠬᠦ ᠬᠠᠷᠢᠴᠠᠯ ᠢ ᠨᠡᠮᠡᠭᠳᠡᠭᠦᠯᠵᠦ᠂ ᠵᠢᠯ ᠤᠨ ᠡᠴᠦᠰ ᠤᠨ ᠵᠢᠭᠡᠯᠡᠯᠭᠡ ᠶᠢᠨ ᠦᠯᠡᠳᠡᠪᠦᠷᠢ ᠵᠢᠴᠢ ᠲᠣᠬᠠᠢ ᠶᠢᠨ ᠵᠢᠯ ᠤᠨ ᠵᠢᠭᠡᠯᠡᠯᠭᠡ ᠲᠠᠯᠪᠢᠭᠰᠠᠨ ᠶᠡᠷᠦᠩᠬᠡᠢ ᠬᠡᠮᠵᠢᠶ᠎ᠡ ᠶᠢ ᠳᠡᠭᠡᠷ᠎ᠡ ᠵᠢᠯ ᠤᠨ ᠬᠢ ᠠᠴᠠ ᠢᠯᠡᠬᠦᠦ ᠪᠠᠶᠢᠯᠭᠠᠨ᠎ᠠ᠃ ᠶᠡᠷᠦᠩᠬᠡᠶᠢᠯᠡᠭᠰᠡᠨ ᠲᠦᠷᠦ ᠶᠢᠨ ᠪᠣᠳᠣᠯᠭ᠎ᠠ ᠬᠡᠷᠡᠭᠵᠢᠬᠦᠯᠬᠦ᠂ ᠬᠠᠪᠰᠤᠷᠣᠨ ᠲᠡᠳᠬᠦᠬᠦ ᠪᠠᠷ ᠳᠠᠮᠵᠢᠨ᠂ ᠲᠤᠮᠤ ᠳᠤᠮᠳᠠ ᠬᠡᠯᠪᠡᠷᠢ ᠶᠢᠨ ᠠᠵᠤ ᠠᠬᠤᠶᠢᠯᠠᠯ ᠤᠨ ᠭᠤᠣᠯ ᠪᠠᠶᠢᠷᠢ ᠶᠢ ᠬᠠᠮᠠᠭᠠᠯᠠᠵᠤ᠂ ᠪᠠᠭ᠎ᠠ ᠵᠢᠵᠢᠭ ᠠᠵᠤ ᠠᠬᠤᠶᠢᠯᠠᠯ ᠤᠨ ᠭᠠᠵᠠᠷ ᠪᠣᠯᠭᠠᠨ ᠳᠤ ᠲᠠᠷᠬᠠᠬᠤ ᠰᠢᠨ᠎ᠡ ᠠᠵᠤ ᠠᠬᠤᠢ ᠶᠢᠨ ᠲᠣᠭᠲᠠᠴᠠ ᠶᠢ ᠪᠣᠢ ᠪᠣᠯᠭᠠᠨ᠎ᠠ᠃ ᠭᠤᠷᠪᠠ ᠳᠤ᠂ ᠪᠦᠬᠦ ᠲᠠᠯ᠎ᠠ ᠶᠢ ᠬᠠᠮᠣᠷᠬᠤ ᠬᠠᠮᠵᠢᠯᠴᠠᠭ᠎ᠠ ᠶᠢᠨ ᠲᠠᠪᠴᠠᠩ ᠢ ᠪᠠᠶᠢᠭᠤᠯᠣᠨ᠎ᠠ᠃ ︽ᠨᠢᠭᠡ ᠪᠦᠰᠡ ᠨᠢᠭᠡ ᠵᠠᠮ ︾ ᠤᠨ ᠪᠦᠲᠦᠭᠡᠨ ᠪᠠᠶᠢᠭᠤᠯᠣᠯᠲᠠ ᠳᠤ ᠢᠳᠡᠪᠬᠢᠲᠡᠢ ᠪᠠᠷ ᠦᠢᠯᠡᠴᠢᠯᠡᠬᠦ ᠬᠢᠭᠡᠳ ᠠᠭᠤᠰᠤᠯᠴᠠᠵᠤ᠂ ᠷᠠᠰᠢᠶᠠᠨ ᠤ ᠬᠢᠯᠢ ᠶᠢᠨ ᠪᠣᠭᠤᠮᠲᠠ ᠶᠢᠨ ᠦᠢᠯᠡᠴᠢᠯᠡᠬᠡᠨ ᠤ ᠴᠢᠳᠠᠮᠵᠢ ᠶᠢ ᠲᠡᠭᠦᠯᠳᠡᠷᠵᠢᠬᠦᠯᠵᠦ᠂ ᠪᠤᠭᠤᠮᠳᠠ ᠶᠢᠨ ᠭᠠᠶᠢᠯᠢ ᠶᠢ ᠪᠠᠭᠠᠰᠬᠠᠬᠤ ᠪᠤᠶᠤ ᠬᠡᠯᠲᠦᠷᠢᠬᠦᠯᠬᠦ ᠬᠤᠶᠠᠳᠤᠭᠠᠷ ᠬᠤᠭᠤᠴᠠᠭᠠᠨ ᠤ ᠢᠨᠵᠧᠨᠧᠷᠢᠩ ᠢ ᠡᠬᠢᠯᠡᠬᠦᠯᠵᠦ᠂ ᠲᠣᠮᠲᠠᠲᠣ ᠤᠯᠤᠰ ᠪᠣᠯᠣᠨ ᠮᠤᠩᠭᠤᠯ ᠤᠯᠤᠰ ᠬᠤᠭᠤᠷᠤᠨᠳᠤ ᠪᠠᠨ ᠤᠯᠤᠰ ᠠᠯᠤᠰᠯᠠᠨ ᠵᠤᠭᠠᠴᠠᠬᠤ ᠭᠠᠷᠳᠠᠮ ᠢ ᠤᠯᠤᠰ ᠤᠯᠤᠰ ᠲᠠᠭᠠᠨ ᠬᠦᠢᠴᠡᠳᠭᠡᠬᠦ ᠶᠢ ᠦᠷᠬᠦᠯᠵᠢ ᠶᠢᠨ ᠴᠢᠨᠠᠷᠲᠠᠢ ᠪᠣᠯᠭᠠᠬᠤ ᠶᠢ ᠠᠬᠢᠭᠤᠯᠤᠨ᠎ᠠ᠃ ᠲᠣᠮᠲᠠᠲᠣ ᠤᠯᠤᠰ᠂ ᠣᠷᠣᠰ᠂ ᠮᠣᠩᠭᠤᠯ ᠤᠯᠤᠰ ᠤᠨ ᠪᠣᠬᠢᠷᠳᠣᠯ ᠦᠭᠡᠢ ᠪᠦᠲᠦᠬᠡᠭᠳᠡᠬᠦᠨ ᠤ ᠦᠵᠡᠰᠬᠦᠯᠡᠩ ᠵᠡᠷᠭᠡ ᠣᠯᠠᠨ ᠤᠯᠤᠰ ᠤᠨ ᠲᠠᠪᠴᠠᠩ ᠢ ᠠᠰᠢᠭᠯᠠᠵᠤ᠂ ᠣᠷᠤᠰ ᠪᠣᠯᠣᠨ ᠮᠣᠩᠭᠤᠯ ᠤᠯᠤᠰ ᠤᠨ ᠬᠤᠭᠤᠷᠤᠨᠳᠤᠬᠢ ᠠᠵᠤ ᠠᠬᠤᠢ ᠶᠢᠨ ᠠᠷᠠᠯᠵᠢᠶ᠎ᠠ᠂ ᠰᠤᠶᠣᠯ ᠤᠨ ᠰᠤᠯᠢᠯᠴᠠᠭ᠎ᠠ ᠪᠠᠨ ᠴᠢᠩᠭᠠᠳᠬᠠᠵᠤ᠂ ᠲᠣᠮᠲᠠᠲᠣ ᠤᠯᠤᠰ᠂ ᠣᠷᠣᠰ᠂ ᠮᠣᠩᠭᠤᠯ ᠤᠯᠤᠰ ᠤᠨ ᠬᠠᠯᠬ᠎ᠠ ᠭᠤᠣᠯ ᠤᠨ ᠤᠷᠤᠰᠬᠠᠯ ᠳᠠᠭᠠᠥ ᠣᠷᠣᠨ ᠤ ᠣᠯᠠᠨ ᠤᠯᠤᠰ ᠤᠨ ᠶᠠᠷᠢᠶᠠᠨ ᠤ ᠲᠠᠪᠴᠠᠩ ᠵᠡᠷᠭᠡ ᠲᠡᠭᠡᠳᠦ ᠳᠡᠰ ᠤᠨ ᠠᠵᠢᠯᠯᠠᠭᠠᠨ ᠢ ᠢᠳᠡᠪᠬᠢᠲᠡᠢ ᠪᠠᠷ ᠳᠠᠭᠠᠭᠠᠴᠢᠯᠠᠨ ᠡᠷᠭᠢᠯᠡᠨ᠎ᠡ᠃ ︽ᠬᠢᠩᠭᠠᠨ — ᠪᠠᠶᠢᠴᠧᠩ — ᠴᠢᠴᠢᠬᠠᠷ ︾ ᠤᠨ ᠠᠮᠢ ᠠᠬᠤᠢ ᠶᠢᠨ ᠠᠵᠤ ᠠᠬᠤᠢ ᠶᠢᠨ ᠮᠣᠵᠢ ᠠᠯᠣᠰᠯᠠᠭᠰᠠᠨ ᠬᠠᠮᠵᠢᠯᠴᠠᠭ᠎ᠠ ᠶᠢᠨ ᠣᠷᠣᠨ ᠢ ᠡᠬᠢᠯᠡᠬᠦᠯᠦᠨ ᠪᠠᠶᠢᠭᠤᠯᠬᠤ ᠠᠵᠠ ᠲᠤᠬᠢᠶᠠᠯ ᠢ ᠡᠵᠡᠮᠳᠡᠨ᠂ ᠠᠷᠠᠳ ᠠᠴᠠ ᠡᠵᠡᠩᠨᠡᠭᠰᠡᠨ ᠠᠵᠣ ᠠᠬᠤᠢ ᠶᠢᠨ ᠣᠷᠣᠨ ᠪᠦᠰᠡ ᠬᠤᠪᠢᠶᠠᠷᠢᠯᠠᠨ ᠠᠵᠢᠯᠯᠠᠬᠤ ᠬᠠᠮᠵᠢᠯᠴᠠᠭ᠎ᠠ ᠶᠢ ᠤᠳᠤᠷᠢᠳᠣᠨ ᠳᠡᠮᠵᠢᠵᠦ᠂ ᠠᠵᠤ ᠦᠢᠯᠡᠰ ᠢ ᠰᠢᠯᠵᠢᠬᠦᠯᠬᠦ ᠠᠵᠢᠯ ᠢ ᠳᠠᠭᠠᠭᠠᠴᠢᠯᠠᠨ᠎ᠠ᠃ ᠣᠶᠢᠷ᠎ᠠ ᠬᠠᠪᠢ ᠣᠷᠣᠨ ᠤ ᠰᠠᠭᠤᠷᠢ ᠲᠦᠬᠦᠭᠡᠷᠦᠮᠵᠢ ᠶᠢᠨ ᠬᠠᠷᠢᠯᠴᠠᠨ ᠨᠡᠪᠲᠡᠷᠡᠯᠴᠡᠬᠦ ᠶᠢ ᠲᠦᠷᠬᠡᠳᠬᠡᠵᠦ᠂ ᠬᠢᠷᠢᠨ ᠮᠤᠵᠢ ᠶᠢᠨ ᠲᠦᠩ ᠢᠦᠢ ᠠᠴᠠ ᠬᠤᠷᠴᠢᠨ ᠪᠠᠷᠠᠭᠤᠨ ᠭᠠᠷᠣᠨ ᠲᠣᠮᠲᠠᠲᠣ ᠬᠤᠰᠢᠭᠤ ᠬᠦᠷᠬᠦ ᠲᠦᠷᠬᠡᠨ ᠬᠤᠷᠳᠣᠴᠠᠲᠣ ᠵᠠᠰᠠᠮᠠᠯ ᠵᠠᠮ ᠤᠨ ᠪᠠᠷᠢᠯᠭ᠎ᠠ ᠶᠢ ᠡᠬᠢᠯᠡᠭᠦᠯᠵᠦ᠂ ᠢᠨᠳᠠᠷ ᠪᠠᠯᠭᠠᠰᠤ ᠠᠴᠠ ᠬᠠᠷᠠᠮᠦ᠋ᠷᠡᠨ ᠮᠤᠵᠢ ᠶᠢᠨ ᠲᠠᠢ ᠯᠠᠢ ᠬᠦ᠋ᠷᠬᠦ ᠵᠠᠰᠠᠮᠠᠯ ᠵᠠᠮ ᠢ ᠰᠢᠨᠡᠳᠬᠡᠨ ᠵᠠᠰᠠᠬᠤ᠂ ᠢᠨᠳᠠᠷ ᠪᠠᠯᠭᠠᠰᠤᠨ ᠠᠴᠠ ᠬᠠᠷᠠᠮᠦ᠋ᠷᠡᠨ ᠮᠤᠵᠢ ᠶᠢᠨ ᠵᠢᠶᠠᠩ ᠴᠢᠶᠣᠣ ᠬᠦᠷᠬᠦ ᠵᠠᠰᠠᠮᠠᠯ ᠵᠠᠮ ᠢ ᠮᠣᠵᠢ ᠶᠢᠨ ᠳᠡᠰ ᠤᠨ ᠲᠦᠷᠬᠡᠨ ᠬᠤᠷᠳᠤᠴᠠᠲᠣ ᠵᠠᠰᠠᠮᠠᠯ ᠵᠠᠮ ᠤᠨ ᠲᠦᠯᠦᠪᠵᠢᠬᠦᠯᠬᠡ ᠳᠤ ᠤᠷᠤᠭᠤᠯᠬᠤ ᠪᠠᠷ ᠴᠢᠷᠮᠠᠶᠢᠨ᠎ᠠ᠃ ᠬᠤᠳᠠᠯᠳᠤᠭᠠᠴᠢᠨ ᠤᠷᠢᠵᠣ ᠪᠡᠯᠡ ᠲᠠᠲᠠᠨ ᠤᠷᠤᠭᠤᠯᠬᠤ ᠬᠦᠴᠦᠯᠡᠴᠡ ᠪᠠᠨ ᠴᠢᠩᠭᠠᠷᠠᠭᠤᠯᠵᠤ᠂ ᠠᠶᠢᠮᠠᠭ ᠤᠨ ᠭᠠᠳᠠᠨ᠎ᠠ ᠰᠠᠭᠤᠭ᠎ᠠ ᠬᠤᠳᠠᠯᠳᠤᠭᠠᠴᠢᠨ ᠤᠷᠢᠬᠤ ᠳᠣᠭᠤᠶᠢᠯᠠᠩ ᠤᠨ ᠦᠢᠯᠡᠳᠦᠯ ᠢ ᠬᠦᠢᠴᠡᠳ ᠪᠠᠳᠠᠷᠠᠭᠤᠯᠵᠣ᠂ ᠬᠤᠳᠠᠯᠳᠤᠭᠠᠴᠢᠨ ᠤᠷᠢᠵᠣ ᠪᠡᠯᠡ ᠲᠠᠲᠠᠨ ᠤᠷᠤᠭᠤᠯᠬᠤ ᠲᠦᠷᠦ ᠶᠢᠨ ᠪᠣᠳᠣᠯᠭ᠎ᠠ ᠶᠢ ᠪᠦᠷᠢᠨᠰᠢᠬᠦᠯᠵᠦ᠂ ᠪᠡᠭᠡᠵᠢᠩ ᠦᠪᠦᠷ ᠮᠣᠩᠭᠤᠯ ᠤᠨ ᠶᠠᠳᠠᠭᠤ ᠶᠢ ᠲᠡᠳᠬᠦᠬᠦ ᠬᠠᠮᠲᠣᠷᠠᠨ ᠠᠵᠢᠯᠯᠠᠬᠤ ᠵᠡᠷᠭᠡ ᠣᠷᠣᠨ ᠪᠦᠰᠡ ᠶᠢᠨ ᠬᠠᠮᠵᠢᠯᠴᠠᠭ᠎ᠠ ᠶᠢᠨ ᠲᠠᠪᠴᠠᠩ ᠳᠤ ᠲᠦᠰᠢᠭᠯᠡᠨ᠂ ᠪᠡᠬᠡᠵᠢᠩ ᠲᠢᠶᠠᠨᠵᠢᠨ ᠡᠾᠧᠪᠸᠢ᠂ ᠬᠦᠬᠡᠮᠦ᠋ᠷᠡᠨ ᠤ ᠭᠤᠷᠪᠠᠯᠵᠢᠨ ᠬᠤᠶᠢᠭ᠂ ᠵᠦᠵᠢᠶᠠᠩ ᠮᠦᠷᠡᠨ ᠤ ᠭᠤᠷᠪᠠᠯᠵᠢᠨ ᠬᠤᠶᠢᠭ ᠵᠡᠷᠭᠡ ᠬᠦᠭᠵᠢᠭᠰᠡᠨ ᠣᠷᠣᠨ ᠳᠤ ᠴᠢᠭᠯᠡᠬᠦᠯᠦᠨ᠂ ᠠᠵᠣ ᠦᠢᠯᠡᠰ ᠤᠨ ᠬᠡᠯᠬᠢᠶ᠎ᠡ ᠪᠠᠶᠢᠭᠤᠯᠵᠣ᠂ ᠬᠤᠳᠠᠯᠳᠤᠭᠠᠴᠢᠨ ᠤᠷᠢᠵᠣ᠂ ᠬᠤᠳᠠᠯᠳᠤᠭᠠᠴᠢᠨ ᠢᠶᠠᠷ ᠬᠤᠳᠠᠯᠳᠣᠭᠠᠴᠢᠨ ᠢ ᠤᠷᠢᠬᠤ᠂ ᠵᠦᠪ ᠣᠨᠣᠪᠴᠢᠲᠠᠢ ᠪᠠᠷ ᠬᠤᠳᠠᠯᠳᠣᠭᠠᠴᠢᠨ ᠤᠷᠢᠵᠣ᠂ ᠪᠡᠯᠡ ᠲᠠᠲᠠᠨ ᠣᠷᠣᠭᠤᠯᠬᠤ ᠶᠡᠷᠦᠩᠬᠡᠢ ᠬᠡᠮᠵᠢᠶ᠎ᠡ ᠶᠢ 200 ᠳ᠋ᠦ᠋ᠩᠰᠢᠭᠤᠷ ᠲᠦᠭᠦᠷᠢᠭ ᠲᠤ ᠬᠦᠷᠭᠡᠨ᠎ᠡ᠃    ︵ᠲᠠᠪᠤ ︶ ᠠᠷᠡᠳ ᠲᠦᠮᠡᠨ ᠢᠶᠠᠷ ᠭᠤᠤᠯᠯᠠᠭᠴᠢ ᠪᠣᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠪᠠᠷᠢᠮᠳᠡᠯᠡᠨ᠂ ᠠᠷᠡᠳ ᠤᠨ ᠠᠮᠢᠳᠣᠷᠡᠯ ᠤᠨ ᠬᠢᠷᠢ ᠲᠦᠪᠰᠢᠨ ᠢ ᠪᠠᠳᠣᠯᠠᠬᠤ ᠪᠡ ᠰᠠᠶᠢᠵᠢᠷᠡᠭᠤᠯᠬᠤ ᠶᠢ ᠬᠦᠴᠣᠯᠡᠨ ᠲᠡᠭᠡᠭᠰᠢᠯᠠᠬᠦᠯᠣᠨ᠎ᠠ᠃ ᠠᠷᠡᠳ ᠤᠨ ᠠᠮᠢᠳᠣᠷᠡᠯ ᠢ ᠲᠠᠷᠢᠬᠦᠨ ᠳᠤ ᠲᠠᠯᠪᠢᠬᠤ ᠪᠠᠷ ᠠᠵᠢᠯ ᠤᠨ ᠣᠳᠣᠷᠢᠳᠣᠮᠵᠢ ᠪᠠᠨ ᠪᠣᠯᠭᠠᠨ᠂ ︽ᠬᠤᠷᠢᠭ᠎ᠠ ᠱᠣᠭᠤᠮ ᠢ ᠰᠠᠬᠢᠵᠣ᠂ ᠭᠤᠣᠯᠳᠡᠯᠭ᠎ᠠ ᠪᠠᠨ ᠲᠣᠪᠤᠶᠢᠯᠭᠠᠨ᠂ ᠲᠦᠷᠢᠮ ᠢ ᠲᠡᠬᠦᠯᠳᠡᠷᠵᠢᠬᠦᠯᠵᠣ ᠂ ᠵᠢᠱᠢᠯᠳᠡ ᠶᠢ ᠬᠦᠳᠣᠯᠣᠨ ᠵᠢᠯᠣᠭᠤᠳᠬᠤ ︾ ᠰᠠᠳᠬᠢᠴᠠ ᠪᠠᠷ ᠠᠷᠡᠳ ᠤᠨ ᠠᠮᠢᠳᠣᠷᠡᠯ ᠤᠨ ᠬᠤᠷᠢᠭ᠎ᠠ ᠱᠣᠭᠤᠮ ᠢ ᠪᠠᠳᠣ ᠰᠠᠬᠢᠵᠣ᠂ ᠠᠷᠡᠳ ᠤᠨ ᠠᠮᠢᠳᠣᠷᠡᠯ ᠤᠨ ᠠᠮᠣᠷ ᠲᠦᠪᠰᠢᠨ ᠤ ᠲᠣᠣᠷ ᠢ ᠰᠠᠶᠢᠳᠤᠷ ᠪᠦᠷᠢᠯᠳᠣᠬᠦᠯᠣᠨ᠎ᠠ᠃     ᠨᠢᠭᠡ ᠳᠤ᠂ ᠬᠤᠳᠡ ᠶᠢᠨ ᠲᠦᠯᠣᠪᠵᠢᠬᠦᠯᠭᠡ ᠪᠦᠳᠣᠭᠡᠨ ᠪᠠᠶᠢᠭᠤᠯᠣᠯᠳᠡ ᠶᠢᠨ ᠬᠠᠮᠢᠶᠠᠷᠣᠯᠳᠡ ᠶᠢ ᠴᠢᠩᠭᠠᠳᠬᠠᠨ᠎ᠠ᠃ ︽ᠲᠠᠪᠣᠨ ᠬᠤᠳᠡ ᠶᠢ ᠬᠠᠮᠳᠣᠪᠡᠷ ᠡᠬᠦᠳᠣᠨ ᠪᠠᠶᠢᠭᠤᠯᠬᠤ ︾ ᠪᠠᠷ ᠣᠳᠣᠷᠢᠳᠣᠮᠵᠢ ᠪᠣᠯᠭᠠᠨ᠂ ᠣᠯᠠᠭᠠᠨᠬᠤᠳᠡ ᠪᠠᠷ ᠳᠠᠭᠠᠭᠤᠯᠤᠬᠴᠢ ᠪᠣᠯᠭᠠᠵᠣ᠂ ᠬᠤᠰᠢᠭᠤ ᠰᠢᠶᠠᠨ ᠬᠤᠳᠡ ᠬᠤᠳᠡ ᠶᠢᠨ ᠲᠠᠬᠦᠷᠭᠡ ᠪᠠᠯᠭᠠᠰᠣ ᠪᠠᠷ ᠲᠦᠰᠢᠭ ᠪᠣᠯᠭᠠᠵᠣ᠂ ᠣᠶᠣᠨᠴᠢ ᠬᠤᠳᠡ᠂ ᠪᠣᠬᠢᠷᠳᠣᠯ ᠦᠭᠡᠢ ᠬᠤᠳᠡ᠂ ᠬᠦᠮᠣᠨ ᠨᠡᠶᠢᠭᠡᠮᠴᠢᠯᠡᠭᠰᠡᠨ ᠬᠤᠳᠡ ᠶᠢ ᠪᠦᠬᠦ ᠬᠦᠴᠣ ᠪᠠᠷ ᠪᠠᠶᠢᠭᠤᠯᠣᠨ᠎ᠠ᠃ ᠬᠤᠳᠡ ᠶᠢᠨ ᠶᠠᠰᠤ ᠴᠢᠨᠠᠷ ᠪᠣᠯᠣᠨ ᠦᠷᠢᠰᠣᠯᠳᠣᠬᠦ ᠬᠦᠴᠣᠨ ᠢ ᠲᠡᠭᠡᠭᠰᠢᠯᠠᠬᠦᠯᠣᠨ᠎ᠠ᠃ ᠦᠨᠳᠣᠷ ᠵᠣᠬᠰᠣᠴᠠ ᠠᠴᠠ ᠲᠦᠯᠣᠪᠵᠢᠬᠦᠯᠬᠦ ᠶᠢ ᠪᠠᠷᠢᠮᠳᠡᠯᠠᠨ᠎ᠠ᠃ ᠣᠯᠠᠭᠠᠨᠬᠤᠳᠡ ᠭᠠᠯᠳᠣ ᠲᠡᠷᠭᠡᠨ ᠤ ᠪᠠᠷᠡᠭᠤᠨ ᠦᠷᠳᠡᠭᠡ᠂ ᠲᠣᠭᠤᠷ ᠤᠨ ᠭᠤᠣᠯ ᠤᠨ ᠵᠠᠬᠦᠨ ᠡᠷᠬᠢ᠂ ᠵᠠᠰᠠᠬᠳᠣ ᠵᠠᠭᠡᠯᠢ ᠵᠡᠷᠭᠡ ᠭᠤᠣᠯᠳᠡᠯᠭ᠎ᠠ ᠲᠠᠢ ᠣᠷᠣᠨ ᠪᠦᠰᠠ ᠶᠢᠨ ᠲᠦᠯᠣᠪᠵᠢᠬᠦᠯᠭᠡ ᠪᠦᠳᠣᠭᠡᠨ ᠪᠠᠶᠢᠭᠤᠯᠣᠯᠳᠡ ᠶᠢ ᠰᠠᠶᠢᠳᠣᠷ ᠬᠢᠨ᠎ᠠ᠃ ᠬᠤᠰᠢᠭᠤ ᠰᠢᠶᠠᠨ ᠬᠤᠳᠡ ᠶᠢᠨ ᠬᠦᠳᠡᠭᠡ ᠲᠣᠰᠬᠤᠨ ᠤ ᠪᠦᠳᠣᠭᠡᠨ ᠪᠠᠶᠢᠭᠤᠯᠣᠯᠳᠡ ᠶᠢᠨ ᠲᠦᠯᠣᠪᠵᠢᠬᠦᠯᠭᠡ᠂ ︽ᠬᠤᠳᠡ ᠶᠢᠨ ᠬᠤᠶᠠᠷ ᠢ ᠰᠡᠷᠭᠦᠭᠡᠬᠦ ︾ ᠲᠣᠰᠬᠠᠢ ᠲᠦᠯᠣᠪᠵᠢᠬᠦᠯᠭᠡ ᠪᠣᠯᠣᠨ ᠠᠶᠢᠯ ᠲᠣᠰᠬᠤᠨ ᠤ ᠪᠦᠳᠣᠭᠡᠨ ᠪᠠᠶᠢᠭᠤᠯᠣᠯᠳᠡ ᠶᠢᠨ ᠲᠦᠯᠣᠪᠵᠢᠬᠦᠯᠭᠡ ᠶᠢ ᠰᠠᠶᠢᠳᠤᠷ ᠬᠢᠵᠦ᠂ ︽ᠣᠯᠡᠨ ᠲᠦᠯᠣᠪᠵᠢᠬᠦᠯᠭᠡ ᠶᠢ ᠨᠢᠭᠡᠳᠭᠡᠬᠦ ︾ ᠶᠢ ᠪᠠᠶᠠᠯᠠᠬᠦᠯᠵᠣ᠂ ᠬᠠᠮᠳᠣ ᠶᠢᠨ ᠬᠠᠷᠡᠯᠳᠡ ᠶᠢ ᠪᠠᠶᠠᠯᠠᠬᠦᠯᠣᠨ᠎ᠠ᠃ ᠦᠨᠳᠣᠷ ᠪᠠᠷᠢᠮᠵᠢᠶᠠᠳᠣ ᠪᠦᠳᠣᠭᠡᠨ ᠪᠠᠶᠢᠭᠤᠯᠣᠯᠳᠡ ᠶᠢ ᠪᠠᠷᠢᠮᠳᠡᠯᠠᠨ᠎ᠠ᠃ ᠬᠤᠳᠡ ᠶᠢᠨ ᠬᠤᠶᠢᠳᠣ ᠲᠣᠭᠤᠷᠢᠯ ᠵᠠᠮ ᠳᠠᠬᠢ ᠬᠦᠢᠯᠡᠷ ᠭᠤᠣᠯ ᠤᠨ ᠬᠦᠬᠦᠷᠭᠡ ᠶᠢ ᠵᠠᠰᠠᠨ ᠰᠠᠶᠢᠵᠢᠷᠡᠭᠤᠯᠬᠤ᠂ ᠬᠤᠳᠡ ᠶᠢᠨ ᠬᠤᠶᠢᠳᠣ ᠵᠠᠮ ᠤᠨ ᠨᠣᠭᠤᠭᠠᠷᠡᠭᠤᠯᠣᠯᠳᠡ ᠪᠣᠯᠣᠨ ᠵᠠᠯᠠᠭᠤᠴᠣᠳ ᠪᠠᠭᠠᠴᠣᠳ ᠤᠨ ᠠᠵᠢᠯᠯᠠᠭᠠᠨ ᠤ ᠲᠦᠪ ᠵᠡᠷᠭᠡ ᠠᠶᠢᠮᠠᠭ ᠬᠤᠳᠡ ᠶᠢᠨ ︵ᠬᠤᠰᠢᠭᠤ ︶ ᠬᠠᠮᠳᠣᠷᠡᠨ ᠪᠠᠶᠢᠭᠤᠯᠬᠤ 23 ᠲᠦᠷᠣᠯ ᠵᠦᠢᠯ ᠢ ᠭᠡᠷᠡᠭᠵᠢᠬᠦᠯᠣᠨ᠎ᠠ᠃ ᠲᠦᠴᠢᠣᠸᠠᠨ ᠰᠢᠶᠠᠨ᠂ ᠬᠤᠷᠴᠢᠨ ᠪᠠᠷᠡᠭᠤᠨ ᠭᠠᠷᠣᠨ ᠲᠣᠮᠳᠡᠳᠣ ᠬᠤᠰᠢᠭᠤ ᠶᠢ ᠦᠪᠡᠷᠳᠡᠭᠡᠨ ᠵᠠᠰᠠᠬᠤ ᠣᠷᠣᠨ ᠤ ᠲᠠᠰ ᠤᠨ ᠴᠡᠴᠡᠷᠯᠢᠭᠳᠦ ᠰᠢᠶᠠᠨ ᠤ ᠬᠤᠳᠡ ᠪᠤᠯᠭᠠᠨ ᠡᠬᠦᠳᠣᠨ ᠪᠠᠶᠢᠭᠤᠯᠬᠤ ᠠᠵᠢᠯ ᠢ ᠡᠬᠢᠯᠠᠬᠦᠯᠣᠨ᠂ ᠬᠢᠩᠭᠠᠨ ᠠᠵᠢᠯ ᠮᠡᠷᠭᠡᠵᠢᠯ ᠤᠨ ᠲᠡᠭᠡᠳᠣ ᠰᠣᠷᠭᠠᠭᠤᠯᠢ ᠶᠢᠨ ᠰᠢᠨ᠎ᠠ ᠰᠠᠭᠤᠷᠢᠰᠢᠯ᠂ ᠠᠶᠢᠮᠠᠭ ᠤᠨ ᠨᠠᠮ ᠤᠨ ᠰᠣᠷᠭᠠᠭᠤᠯᠢ᠂ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶ᠎ᠠ ᠵᠡᠷᠭᠡ ᠣᠯᠡᠨ ᠨᠠᠶᠢᠳᠡ ᠶᠢᠨ ᠣᠶᠢᠯᠡᠴᠢᠯᠡᠭᠡᠨ ᠤ ᠲᠦᠬᠦᠭᠡᠷᠣᠮᠵᠢ ᠶᠢᠨ ᠪᠦᠳᠣᠭᠡᠨ ᠪᠠᠶᠢᠭᠤᠯᠣᠯᠳᠡ ᠶᠢ ᠲᠦᠯᠬᠢᠨ ᠠᠬᠢᠭᠤᠯᠣᠨ᠎ᠠ᠃ ᠲᠦᠬᠦᠮ ᠪᠦᠳᠣᠴᠠᠳᠣ ᠤᠷᠤᠨ ᠰᠠᠭᠤᠴᠠ ᠶᠢ ᠰᠢᠨᠡᠳᠭᠡᠨ ᠵᠠᠰᠠᠬᠤ ︽ᠭᠤᠷᠪᠡᠨ ᠵᠢᠯ ᠤᠨ ᠲᠦᠯᠣᠪᠯᠡᠭᠡ ︾ ᠶᠢ ᠭᠡᠷᠡᠭᠵᠢᠬᠦᠯᠵᠣ᠂ ᠬᠦᠳᠡᠭᠡ ᠲᠣᠰᠬᠤᠨ ᠮᠠᠯᠵᠢᠬᠤ ᠣᠷᠣᠨ ᠤ ᠨᠤᠷᠠᠬᠤ ᠠᠶᠣᠯᠳᠡᠢ ᠭᠡᠷ ᠪᠠᠶᠢᠰᠢᠩ ᠢ ᠰᠢᠨᠡᠳᠭᠡᠨ ᠵᠠᠰᠠᠬᠤ ᠰᠡᠭᠦᠯ ᠬᠤᠷᠢᠶᠠᠬᠤ ᠠᠵᠢᠯ ᠢ ᠰᠠᠶᠢᠳᠣᠷ ᠬᠢᠨ᠎ᠠ᠃ ᠲᠡᠣᠭᠡ ᠰᠣᠶᠣᠯ ᠤᠨ ᠵᠡᠭᠡᠯᠢ ᠭᠤᠳᠣᠮᠵᠢ ᠶᠢᠨ ᠪᠦᠳᠣᠭᠡᠨ ᠪᠠᠶᠢᠭᠤᠯᠣᠯᠳᠡ ᠪᠣᠯᠣᠨ ᠲᠡᠣᠭᠡᠨ ᠪᠠᠷᠢᠯᠭ᠎ᠠ ᠶᠢᠨ ᠵᠠᠰᠠᠯᠳᠡ ᠬᠠᠮᠠᠭᠠᠯᠠᠯᠳᠡ ᠶᠢ ᠴᠢᠩᠭᠠᠳᠬᠠᠨ᠎ᠠ᠂ ᠦᠵᠡᠰᠬᠦᠯᠡᠩᠳᠣ ᠰᠠᠶᠢᠬᠠᠨ ᠠᠵᠢᠯᠯᠠᠵᠤ ᠠᠮᠢᠳᠤᠷᠠᠬᠤ ᠳᠤ ᠲᠣᠬᠢᠷᠡᠮᠵᠢᠳᠡᠢ ᠵᠢᠵᠢᠭ ᠪᠠᠯᠭᠠᠰᠣ᠂ ᠣᠯᠠᠮᠵᠢᠯᠠᠯᠳᠣ ᠬᠦᠳᠡᠭᠡ ᠲᠣᠰᠬᠤᠨ᠂ ᠲᠠᠣᠭᠡ ᠰᠣᠶᠣᠯ ᠤᠨ ᠨᠠᠷᠡᠳᠣ ᠪᠠᠯᠭᠠᠰᠣ ᠨᠠᠷᠡᠳᠣ ᠲᠣᠰᠬᠤᠨ ᠵᠡᠷᠭᠡ ᠲᠦᠷᠣᠯ ᠵᠦᠢᠯ ᠢ ᠢᠳᠡᠪᠬᠢᠳᠡᠢ ᠲᠡᠭᠡᠭᠰᠢ ᠮᠠᠳᠡᠬᠦᠯᠦᠨ᠎ᠡ᠃ ᠦᠨᠳᠣᠷ ᠬᠢᠷᠢ ᠲᠦᠪᠰᠢᠨ ᠲᠠᠢ ᠬᠠᠮᠢᠶᠠᠷᠣᠯᠳᠡ ᠶᠢ ᠪᠠᠷᠢᠮᠳᠡᠯᠠᠨ᠎ᠠ᠃ ᠬᠤᠳᠡ ᠶᠢᠨ ᠶᠠᠷᠣᠩᠭᠡᠶᠢᠯᠡᠭᠰᠡᠨ ᠬᠠᠣᠯᠢ ᠭᠡᠷᠡᠭᠵᠢᠬᠦᠯᠬᠦ ᠪᠠᠶᠢᠭᠤᠯᠣᠮᠵᠢ ᠶᠢᠨ ᠦᠭᠡᠷᠡᠴᠢᠯᠠᠯᠳᠡ ᠶᠢ ᠬᠦᠨᠵᠡᠭᠡᠶᠢᠷᠡᠬᠦᠯᠣᠨ᠂ ᠬᠤᠳᠡ ᠶᠢᠨ ᠲᠦᠷᠢ ᠲᠦᠷᠬᠦ ᠣᠷᠴᠢᠨ ᠲᠣᠭᠤᠷᠢᠨ ᠢ ᠴᠡᠭᠴᠡᠯᠡᠨ ᠵᠠᠰᠠᠬᠤ ᠶᠢ ᠴᠢᠩᠭᠠᠳᠬᠠᠵᠣ᠂ ᠠᠰᠠᠷ ᠪᠠᠶᠢᠰᠢᠩ ᠤᠨ ᠬᠠᠨ᠎ᠠ ᠳᠤ ᠨᠠᠭᠠᠯᠳᠠ ᠲᠠᠢ ᠵᠠᠷ ᠮᠡᠳᠡᠭᠡ ᠪᠣᠯᠣᠨ ᠱᠠᠭᠠᠷᠳᠠᠯᠭ᠎ᠠ ᠳᠤ ᠨᠡᠶᠢᠴᠡᠬᠦ ᠦᠭᠡᠢ ᠫᠠᠶᠢᠰᠠ ᠢᠯᠡᠷᠭᠡᠶᠢᠯᠡᠯ ᠢ ᠴᠡᠭᠴᠡᠯᠡᠨ ᠵᠠᠰᠠᠵᠤ᠂ ᠠᠷᠢᠭᠤᠨ ᠴᠡᠪᠡᠷ ᠤᠨ ᠬᠢᠷᠢ ᠲᠦᠪᠰᠢᠨ᠂ ᠨᠣᠭᠤᠭᠠᠷᠡᠭᠤᠯᠣᠯᠳᠡ ᠶᠢᠨ ᠲᠠᠰ ᠲᠠᠪᠬᠤᠷᠭ᠎ᠠ ᠪᠣᠯᠣᠨ ᠵᠡᠭᠡᠯᠢ ᠭᠤᠳᠤᠮᠵᠢ᠂ ᠵᠠᠮ ᠬᠠᠷᠢᠯᠴᠠᠭᠠᠨ ᠤ ᠬᠡᠷᠡᠯᠳᠣᠬᠦᠯᠭᠡ ᠶᠢᠨ ᠶᠠᠰᠣ ᠴᠢᠨᠠᠷ ᠢ ᠲᠡᠭᠡᠭᠰᠢᠯᠠᠬᠦᠯᠣᠨ᠎ᠠ᠃ ᠵᠠᠮ ᠬᠠᠷᠢᠯᠴᠠᠭᠠᠨ ᠤ ᠡᠮᠬᠢ ᠲᠢᠭᠯᠢᠮ ᠢ ᠴᠡᠭᠴᠡᠯᠡᠨ ᠵᠠᠰᠠᠬᠤ ᠶᠢ ᠴᠢᠩᠭᠠᠳᠬᠠᠵᠣ᠂ ᠣᠶᠣᠨᠴᠢᠯᠠᠬᠰᠠᠨ ᠵᠠᠮ ᠬᠠᠷᠢᠯᠴᠠᠭᠠᠨ ᠤ ᠬᠠᠮᠢᠶᠠᠷᠣᠯᠳᠡ ᠶᠢᠨ ᠣᠶᠢᠯᠡᠴᠢᠯᠡᠭᠡᠨ ᠤ ᠰᠢᠰᠲ᠋ᠧᠮ ᠢ ᠪᠠᠶᠢᠭᠤᠯᠵᠣ᠂ ᠵᠠᠮ ᠬᠠᠷᠢᠯᠴᠠᠭᠠᠨ ᠤ ᠲᠦᠭᠵᠢᠷᠡᠯ ᠵᠡᠷᠭᠡ ᠠᠷᠡᠳ ᠤᠨ ᠠᠮᠢᠳᠣᠷᠡᠯ ᠤᠨ ᠠᠰᠠᠭᠤᠳᠡᠯ ᠢ ᠬᠦᠴᠦᠲᠠᠢ ᠵᠠᠰᠠᠨ ᠰᠢᠢᠳᠪᠣᠷᠢᠯᠠᠨ᠎ᠠ᠃     ᠬᠤᠶᠠᠷ ᠲᠤ᠂ ᠠᠵᠢᠯ ᠣᠯᠭᠤᠨ ᠣᠶᠢᠯᠡᠰ ᠪᠦᠳᠣᠭᠡᠬᠦ ᠪᠡ ᠨᠡᠶᠢᠭᠡᠮ ᠤᠨ ᠪᠠᠳᠣᠯᠠᠪᠣᠷᠢ ᠶᠢᠨ ᠬᠢᠷᠢ ᠲᠦᠪᠰᠢᠨ ᠢ ᠲᠡᠭᠡᠭᠰᠢᠯᠠᠬᠦᠯᠣᠨ᠎ᠠ᠃ ᠠᠵᠢᠯ ᠮᠡᠷᠭᠡᠵᠢᠯ ᠤᠨ ᠣᠷ᠎ᠡ ᠴᠢᠳᠡᠪᠣᠷᠢ ᠶᠢᠨ ᠪᠣᠯᠪᠠᠰᠣᠷᠡᠯ ᠤᠨ ᠰᠠᠭᠤᠷᠢᠨ ᠭᠠᠵᠡᠷ ᠤᠨ ᠪᠦᠳᠣᠭᠡᠨ ᠪᠠᠶᠢᠭᠤᠯᠣᠯᠳᠡ ᠶᠢ ᠴᠢᠩᠭᠠᠳᠬᠠᠨ᠂ ᠦᠨᠳᠣᠷ ᠣᠷ᠎ᠡ ᠴᠢᠳᠡᠪᠣᠷᠢ ᠶᠢᠨ ᠬᠢᠷᠢ ᠲᠦᠪᠰᠢᠨ ᠲᠠᠢ᠂ ᠦᠨᠳᠣᠷ ᠠᠵᠢᠯ ᠣᠯᠭᠤᠯᠳᠡ ᠶᠢᠨ ᠨᠣᠷᠮ᠎ᠠ ᠲᠠᠢ᠂ ᠦᠨᠳᠣᠷ ᠴᠠᠯᠢᠩ ᠬᠦᠯᠣᠰᠣ ᠲᠠᠢ ᠬᠦᠳᠡᠯᠮᠣᠷᠢ ᠣᠶᠢᠯᠡᠴᠢᠯᠡᠭᠡᠨ ᠤ ᠨᠠᠷᠡᠳᠣ ᠲᠠᠮᠳᠡᠭ ᠢ ᠡᠬᠦᠳᠣᠨ ᠪᠠᠶᠢᠭᠤᠯᠣᠨ᠎ᠠ᠃ ᠬᠦᠳᠡᠭᠡ ᠲᠣᠰᠬᠤᠨ ᠮᠠᠯᠵᠢᠬᠤ ᠣᠷᠣᠨ ᠤ ᠬᠦᠳᠡᠯᠮᠣᠷᠢ ᠬᠦᠴᠣᠨ ᠢ ᠭᠠᠳᠠᠬᠰᠢ ᠰᠢᠯᠵᠢᠬᠦᠯᠣᠨ ᠠᠵᠢᠯ ᠣᠯᠭᠤᠬᠤ ᠶᠢ ᠲᠦᠯᠬᠢᠨ ᠠᠬᠢᠭᠤᠯᠵᠣ᠂ ᠬᠦᠯᠣᠰᠣᠨ ᠮᠠᠯᠴᠢᠨ ᠲᠠᠷᠢᠶᠠᠴᠢᠨ ᠤ ᠨᠣᠳᠤᠭ ᠲᠠᠭᠠᠨ ᠪᠣᠴᠠᠵᠣ ᠣᠶᠢᠯᠡᠰ ᠪᠦᠳᠣᠭᠡᠬᠦ ᠶᠢ ᠲᠠᠮᠵᠢᠨ᠎ᠠ᠃ ᠨᠦᠬᠦᠴᠠᠯ ᠳᠤ ᠨᠠᠶᠢᠴᠠᠬᠦ ᠴᠡᠷᠢᠭ ᠤᠨ ᠠᠯᠪᠠᠨ ᠠᠴᠠ ᠪᠠᠭᠠᠤᠭᠰᠠᠳ ᠢ ᠬᠦᠯᠢᠶᠠᠨ ᠠᠪᠬᠤ ᠪᠡ ᠲᠦᠪᠬᠢᠨᠡᠭᠦᠯᠬᠦ ᠠᠵᠢᠯ ᠢ ᠰᠠᠶᠢᠳᠣᠷ ᠬᠢᠵᠣ᠂ ᠦᠪᠡᠰᠣᠪᠡᠨ ᠠᠵᠢᠯ ᠣᠯᠤᠬᠰᠠᠨ ᠴᠡᠷᠢᠭ ᠤᠨ ᠠᠯᠪᠠᠨ ᠠᠴᠠ ᠪᠠᠭᠤᠭᠰᠠᠳ ᠲᠤ ᠠᠵᠢᠯ ᠮᠠᠷᠭᠡᠵᠢᠯ ᠤᠨ ᠬᠦᠮᠣᠵᠢᠯ ᠪᠤᠯᠪᠠᠰᠤᠷᠠᠯ ᠪᠣᠯᠣᠨ ᠣᠷ᠎ᠡ ᠴᠢᠳᠡᠪᠣᠷᠢ ᠶᠢᠨ ᠪᠣᠯᠪᠠᠰᠣᠷᠡᠯ ᠬᠦᠷᠳᠡᠭᠡᠵᠦ᠂ ᠴᠡᠷᠢᠭ ᠤᠨ ᠠᠯᠪᠠᠨ ᠠᠴᠠ ᠪᠠᠭᠤᠭᠰᠠᠳ ᠤᠨ ᠲᠠᠣᠭᠡᠨ ᠦᠯᠡᠳᠡᠭᠳᠡᠯ ᠠᠰᠠᠭᠤᠳᠡᠯ ᠢ ᠲᠣᠣᠱᠳᠡᠢ ᠰᠢᠢᠳᠪᠣᠷᠢᠯᠠᠨ᠎ᠠ᠃ ᠮᠦᠩᠬᠦᠨ ᠬᠦᠢᠯᠭᠡᠭᠡ ᠪᠠᠷ ᠠᠵᠢᠯ ᠣᠯᠭᠤᠨ ᠣᠶᠢᠯᠡᠰ ᠪᠦᠳᠣᠭᠡᠬᠦ ᠶᠢ ᠲᠠᠮᠵᠢᠬᠦ ᠬᠦᠴᠣᠯᠠᠴᠠ ᠪᠠᠨ ᠨᠡᠮᠡᠭᠳᠡᠬᠦᠯᠵᠣ᠂ ᠪᠦᠬᠦ ᠵᠢᠯ ᠤᠨ ᠠᠵᠢᠯ ᠣᠯᠭᠤᠨ ᠣᠶᠢᠯᠡᠰ ᠪᠦᠳᠣᠭᠡᠬᠦ ᠵᠢᠭᠡᠯᠡᠯᠭᠡ ᠶᠢ 10 ᠳ᠋ᠦᠩᠰᠢᠭᠤᠷ ᠠᠴᠠ ᠲᠡᠭᠡᠭᠰᠢ ᠣᠷᠣᠭᠤᠯᠣᠬᠰᠠᠨ ᠪᠠᠶᠢᠬᠤ ᠬᠡᠷᠡᠭᠳᠡᠢ᠃ ᠨᠠᠭᠠᠳᠣ ᠵᠠᠬ᠎ᠠ ᠶᠢᠨ ᠠᠮᠢᠳᠣᠷᠡᠯ ᠤᠨ ᠪᠠᠳᠣᠯᠠᠪᠣᠷᠢ᠂ ᠨᠡᠶᠢᠭᠡᠮ ᠤᠨ ᠠᠪᠣᠷᠡᠨ ᠲᠣᠰᠠᠯᠠᠯᠳᠡ᠂ ᠨᠡᠶᠢᠭᠡᠮ ᠤᠨ ᠠᠰᠠᠷᠡᠮᠵᠢ ᠵᠡᠷᠭᠡ ᠣᠯᠡᠨ ᠲᠠᠪᠬᠤᠷᠭ᠎ᠠ ᠶᠢᠨ ᠨᠠᠶᠢᠭᠡᠮ ᠤᠨ ᠪᠠᠳᠣᠯᠠᠪᠣᠷᠢ ᠶᠢᠨ ᠰᠢᠰᠲ᠋ᠧᠮ ᠢ ᠲᠡᠬᠦᠯᠳᠡᠷᠵᠢᠬᠦᠯᠵᠣ᠂ ᠭᠡᠷ ᠲᠡᠭᠡᠨ ᠬᠤᠴᠣᠷᠣᠬᠰᠠᠨ ᠬᠡᠣᠬᠡᠳ᠂ ᠦᠨᠣᠴᠢᠨ ᠦᠷᠣᠭᠡᠰᠣᠨ ᠨᠠᠰᠣᠳᠡᠨ᠂ ᠲᠠᠨᠣᠬᠦᠯᠴᠢᠨ ᠭᠤᠶᠢᠷᠡᠨᠴᠢ ᠶᠢ ᠠᠪᠣᠷᠡᠨ ᠲᠣᠰᠠᠯᠠᠬᠤ ᠬᠠᠮᠢᠶᠠᠷᠣᠯᠳᠡ ᠶᠢ ᠴᠢᠩᠭᠠᠳᠬᠠᠨ᠎ᠠ᠃     ᠭᠤᠷᠪᠡ ᠳᠤ᠂ ᠡᠯ᠎ᠠ ᠲᠦᠷᠣᠯ ᠤᠨ ᠨᠡᠶᠢᠭᠡᠮ ᠤᠨ ᠠᠵᠢᠯ ᠣᠶᠢᠯᠡᠰ ᠤᠨ ᠬᠦᠭᠵᠢᠯᠳᠡ ᠶᠢ ᠲᠦᠷᠭᠡᠳᠭᠡᠨ᠎ᠠ᠃ ᠠᠯᠪᠡᠨ ᠵᠢᠷᠣᠮ ᠤᠨ ᠰᠣᠷᠭᠠᠨ ᠬᠦᠮᠣᠵᠢᠯ ᠤᠨ ᠦᠨᠳᠣᠰᠣᠨ ᠲᠠᠩᠴᠠᠬᠦᠷᠢᠰᠢᠯ ᠢ ᠴᠢᠨᠠᠷᠯᠢᠭ ᠲᠠᠩᠴᠠᠬᠦᠷᠢᠳᠡᠢ ᠬᠦᠭᠵᠢᠬᠦᠯᠣᠯᠳᠡ ᠪᠣᠯᠭᠠᠬᠤ ᠪᠠᠷ ᠪᠦᠬᠦ ᠲᠠᠯ᠎ᠠ ᠪᠠᠷ ᠲᠦᠯᠬᠢᠨ ᠠᠬᠢᠭᠤᠯᠵᠣ᠂ ᠦᠨᠳᠣᠰᠣᠳᠡᠨ ᠤ ᠰᠣᠷᠭᠠᠨ ᠬᠦᠮᠣᠵᠢᠯ ᠢ ᠲᠠᠷᠢᠬᠦᠨ ᠳᠤ ᠲᠠᠯᠪᠢᠬᠤ ᠪᠡ ᠭᠤᠣᠯᠳᠡᠯᠭ᠎ᠠ ᠲᠠᠢ ᠬᠦᠭᠵᠢᠬᠦᠯᠬᠦ ᠶᠢ ᠪᠠᠳᠣᠯᠠᠨ᠎ᠠ᠃ ᠰᠤᠷᠬᠤ ᠨᠠᠰᠤᠨ ᠠᠴᠠ ᠡᠮᠣᠨᠠᠬᠢ ᠰᠣᠷᠭᠠᠨ ᠬᠦᠮᠣᠵᠢᠯ ᠢ ᠶᠡᠭᠡᠪᠡᠷ ᠬᠦᠭᠵᠢᠬᠦᠯᠣᠨ᠂ ᠠᠷᠡᠳ ᠠᠴᠠ ᠡᠷᠬᠢᠯᠡᠭᠰᠠᠨ ᠬᠡᠣᠬᠡᠳ ᠤᠨ ᠴᠡᠴᠡᠷᠯᠢᠭ ᠤᠨ ᠬᠦᠭᠵᠢᠯᠳᠡ ᠶᠢ ᠲᠠᠮᠵᠢᠵᠣ᠂ ᠲᠦᠭᠡᠮᠡᠯᠵᠢᠯᠳᠡ ᠶᠢᠨ ᠨᠣᠷᠮ᠎ᠠ ᠶᠢ ᠲᠡᠭᠡᠭᠰᠢᠯᠠᠬᠦᠯᠣᠨ᠎ᠠ᠃ ᠠᠯᠪᠡᠨ ᠠᠴᠠ ᠡᠷᠬᠢᠯᠡᠭᠰᠠᠨ 26 ᠬᠡᠣᠬᠡᠳ ᠤᠨ ᠴᠡᠴᠡᠷᠯᠢᠭ ᠤᠨ ᠪᠦᠳᠣᠭᠡᠨ ᠪᠠᠶᠢᠭᠤᠯᠣᠯᠳᠡ ᠶᠢ ᠲᠡᠬᠦᠯᠳᠡᠷᠵᠢᠬᠦᠯᠵᠣ᠂ ᠴᠡᠴᠡᠷᠯᠢᠭ ᠲᠤ ᠰᠠᠭᠤᠭ᠎ᠠ ᠬᠡᠣᠬᠡᠳ ᠤᠨ ᠬᠠᠷᠢᠴᠠᠯ ᠢ 50% ᠳᠤ ᠬᠦᠷᠭᠡᠵᠣ᠂ ᠬᠤᠳᠡ ᠶᠢᠨ ᠠᠯᠪᠡᠨ ᠠᠴᠠ ᠡᠷᠬᠢᠯᠡᠭᠰᠠᠨ 8 ᠬᠡᠣᠬᠡᠳ ᠤᠨ ᠴᠡᠴᠡᠷᠯᠢᠭ ᠢ ᠰᠢᠨ᠎ᠠ ᠪᠠᠷ ᠪᠠᠶᠢᠭᠤᠯᠬᠤ ᠪᠠᠷ ᠲᠦᠯᠣᠪᠯᠡᠵᠣ᠂ 2020 ᠣᠨ ᠪᠣᠯᠳᠡᠯ᠎ᠠ ᠴᠡᠴᠡᠷᠯᠢᠭ ᠲᠤ ᠰᠠᠭᠤᠭ᠎ᠠ ᠬᠡᠣᠬᠡᠳ ᠤᠨ ᠬᠠᠷᠢᠴᠠᠯ ᠢ 60 % ᠳᠤ ᠬᠦᠷᠭᠡᠨ᠎ᠠ᠃ ᠣᠯᠣᠰ ᠤᠨ ᠰᠢᠯᠭᠠᠯᠳᠡ ᠶᠢᠨ ᠦᠭᠡᠷᠡᠴᠢᠯᠠᠯᠳᠡ ᠶᠢ ᠲᠦᠷᠭᠡᠳᠭᠡᠵᠣ᠂ ᠦᠨᠳᠣᠷ ᠲᠣᠮᠳᠡᠳᠣ ᠶᠢᠨ ᠰᠣᠷᠭᠠᠨ ᠬᠦᠮᠣᠵᠢᠯ ᠤᠨ ᠴᠢᠨᠠᠷ ᠰᠠᠶᠢᠲᠠᠢ ᠣᠯᠡᠨ ᠶᠠᠩᠵᠣᠳᠣ ᠣᠨᠴᠠᠯᠢᠭ ᠢ ᠲᠦᠯᠬᠢᠨ ᠠᠬᠢᠭᠤᠯᠣᠨ᠎ᠠ᠃ ᠠᠵᠢᠯ ᠮᠡᠷᠭᠡᠵᠢᠯ ᠤᠨ ᠰᠣᠷᠭᠠᠨ ᠬᠦᠮᠣᠵᠢᠯ ᠤᠨ ᠲᠣᠰᠬᠠᠢ ᠲᠣᠬᠢᠷᠡᠭᠤᠯᠣᠯᠳᠡ ᠶᠢ ᠰᠢᠯᠢᠳᠡᠭᠵᠢᠬᠦᠯᠵᠣ᠂ ᠠᠵᠢᠯ ᠮᠡᠷᠭᠡᠵᠢᠯ ᠤᠨ ᠰᠣᠷᠭᠠᠨ ᠬᠦᠮᠣᠵᠢᠯ ᠤᠨ ᠠᠵᠢᠯ ᠣᠯᠭᠤᠯᠳᠡ ᠶᠢᠨ ᠨᠣᠷᠮ᠎ᠠ ᠶᠢ 96 % ᠠᠴᠠ ᠲᠡᠭᠡᠭᠰᠢ ᠪᠣᠯᠭᠠᠬᠤ ᠪᠠᠷ ᠴᠢᠷᠮᠠᠶᠢᠨ᠎ᠠ᠃ ᠪᠠᠭᠰᠢ ᠶᠢᠨ ᠡᠩᠨᠡᠭᠡ ᠪᠣᠯᠣᠨ ᠰᠣᠷᠭᠠᠨ ᠬᠦᠮᠣᠵᠢᠯ ᠤᠨ ᠮᠠᠳᠡᠭᠡ ᠵᠠᠩᠬᠢᠵᠢᠯᠳᠡ ᠶᠢᠨ ᠪᠠᠶᠢᠭᠤᠯᠣᠯᠳᠡ ᠶᠢ ᠴᠢᠩᠭᠠᠳᠬᠨ᠂ ᠰᠣᠷᠭᠠᠨ ᠬᠦᠮᠣᠵᠢᠯ ᠤᠨ ᠶᠠᠰᠣ ᠴᠢᠨᠠᠷ ᠪᠣᠯᠣᠨ ᠣᠳᠣᠬᠢᠴᠢᠯᠠᠯᠳᠡ ᠶᠢᠨ ᠬᠢᠷᠢ ᠲᠦᠪᠰᠢᠨ ᠢ ᠪᠦᠬᠦ ᠲᠠᠯ᠎ᠠ ᠪᠠᠷ ᠲᠡᠭᠡᠭᠰᠢᠯᠠᠬᠦᠯᠣᠨ᠎ᠠ᠃ ᠡᠷᠡᠬᠦᠯ ᠡᠩᠭᠡ ᠬᠢᠩᠭᠠᠨ ᠤ ᠪᠦᠳᠣᠭᠡᠨ ᠪᠠᠶᠢᠭᠤᠯᠣᠯᠳᠡ ᠶᠢ ᠲᠦᠯᠬᠢᠨ ᠠᠬᠢᠭᠤᠯᠵᠣ᠂ ᠡᠮ ᠡᠮᠨᠡᠯᠭᠡ᠂ ᠡᠮ ᠡᠮᠨᠡᠯᠭᠡ ᠶᠢᠨ ᠲᠠᠭᠠᠳᠬᠠᠯ᠂ ᠡᠮᠴᠢᠯᠡᠭᠡ ᠶᠢ ᠬᠠᠷᠢᠯᠴᠠᠨ ᠤᠶᠠᠯᠳᠤᠭᠤᠯᠵᠤ ᠶᠠᠰᠣ ᠴᠢᠨᠠᠷ ᠢ ᠨᠢ ᠲᠡᠭᠡᠭᠰᠢᠯᠠᠬᠦᠯᠬᠦ ᠶᠢ ᠲᠦᠷᠭᠡᠳᠭᠡᠨ᠎ᠡ᠃ ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠬᠤᠷᠢᠶ᠎ᠡ ᠶᠢᠨ ᠶᠠᠷᠤᠩᠬᠡᠶᠢᠯᠡᠭᠰᠡᠨ ᠦᠭᠡᠷᠡᠴᠢᠯᠡᠯᠡᠳᠡ ᠶᠢ ᠲᠦᠷᠭᠡᠳᠭᠡᠵᠦ᠂ ᠲᠠᠰ ᠬᠤᠪᠢᠶᠠᠵᠣ ᠡᠪᠡᠳᠴᠢᠨ ᠣᠨᠣᠰᠢᠯᠠᠬᠤ ᠲᠦᠷᠢᠮ ᠪᠣᠯᠣᠨ ᠡᠮᠨᠡᠯᠭᠡ ᠶᠢᠨ ᠬᠤᠯᠪᠣᠭᠠᠳᠣ ᠴᠣᠬᠴᠠ ᠶᠢᠨ ᠪᠠᠶᠢᠭᠤᠯᠣᠯᠳᠡ ᠶᠢ ᠲᠦᠯᠬᠢᠨ ᠠᠬᠢᠭᠤᠯᠵᠣ᠂ ︽ᠢᠨᠲ᠋ᠧᠷ ᠰᠦᠯᠵᠢᠶ᠎ᠠ + ᠡᠮ ᠡᠮᠨᠡᠯᠭᠡ ︾ ᠶᠢ ᠬᠦᠭᠵᠢᠬᠦᠯᠵᠣ᠂ ᠸᠢᠳᠢᠣ᠋ ᠪᠠᠷ ᠬᠠᠮᠳᠣᠷᠡᠨ ᠡᠪᠡᠳᠴᠢᠨ ᠣᠨᠣᠰᠢᠯᠠᠬᠤ ᠬᠠᠮᠳᠣᠷᠡᠨ ᠠᠵᠢᠯᠯᠠᠬᠤ ᠪᠡ ᠡᠮ ᠡᠮᠨᠡᠯᠭᠡ ᠶᠢᠨ ᠣᠶᠢᠯᠡᠴᠢᠯᠡᠭᠡᠨ ᠤ ᠰᠦᠯᠵᠢᠶ᠎ᠠ ᠶᠢ ᠡᠬᠦᠳᠣᠨ ᠪᠠᠶᠢᠭᠤᠯᠣᠨ᠎ᠠ᠃ ᠰᠣᠶᠣᠯ ᠤᠨ ᠠᠵᠣ ᠣᠶᠢᠯᠡᠰ ᠤᠨ ᠵᠠᠬ᠎ᠠ ᠲᠡᠯᠭᠡᠬᠦᠷᠴᠢᠯᠠᠯᠳᠡ᠂ ᠲᠣᠰᠬᠠᠶᠢᠵᠢᠬᠰᠠᠨ ᠬᠦᠭᠵᠢᠯᠳᠡ ᠶᠢ ᠠᠬᠢᠭᠤᠯᠵᠣ᠂ ᠣᠯᠠᠭᠠᠨᠮᠦ᠋ᠴᠢᠷ ᠵᠡᠷᠭᠡ ᠪᠦᠯᠬᠦᠮ ᠤᠨ ᠰᠣᠶᠣᠯ ᠤᠨ ᠰᠢᠯᠢᠳᠡᠭ ᠪᠦᠳᠣᠭᠡᠯ ᠡᠬᠦᠳᠬᠦ ᠶᠢ ᠲᠠᠮᠵᠢᠵᠣ᠂ ︽ᠦᠯᠢᠭᠡᠷ ︾ ᠤᠨ ᠲᠣᠭᠤᠷᠢᠨ ᠲᠣᠬᠯᠠᠯᠳᠡ ᠵᠡᠷᠭᠡ ᠦᠨᠳᠣᠰᠣᠳᠡᠨ ᠤ ᠰᠣᠶᠣᠯ ᠤᠨ ᠣᠯᠠᠮᠵᠢᠯᠠᠯ ᠢ ᠴᠢᠩᠭᠠᠳᠬᠠᠨ᠎ᠠ᠃ ᠪᠠᠶ᠎ᠠ ᠲᠠᠮᠢᠷ ᠰᠣᠷᠭᠠᠨ ᠬᠦᠮᠣᠵᠢᠯ ᠤᠨ ᠠᠭᠤᠰᠣᠯᠴᠠᠯ ᠢ ᠠᠬᠢᠭᠤᠯᠵᠣ᠂ ᠰᠣᠷᠭᠠᠭᠤᠯᠢ ᠶᠢᠨ ᠬᠦᠷᠢᠶᠠᠨ ᠤ ᠬᠦᠯ ᠪᠦᠮᠪᠦᠭᠡ ᠶᠢᠨ ᠬᠦᠭᠵᠢᠯᠳᠡ ᠶᠢ ᠲᠦᠷᠭᠡᠳᠭᠡᠨ᠎ᠠ᠃ ᠪᠦᠬᠦ ᠣᠯᠣᠰ ᠤᠨ ᠵᠠᠯᠠᠭᠤᠴᠣᠳ ᠤᠨ ᠪᠠᠶ᠎ᠠ ᠲᠠᠮᠢᠷ ᠤᠨ ᠴᠣᠬᠯᠠᠭᠠᠨ ᠤ ᠲᠦᠷᠭᠡᠨ ᠲᠠᠰᠢᠯᠳᠡ ᠶᠢᠨ ᠣᠷᠣᠯᠳᠣᠭᠠᠨ ᠵᠡᠷᠭᠡ ᠠᠵᠢᠯᠯᠠᠭ᠎ᠠ ᠶᠢ ᠢᠳᠡᠪᠬᠢᠳᠡᠢ ᠲᠠᠭᠠᠭᠠᠴᠢᠯᠠᠨ ᠡᠷᠬᠢᠯᠠᠨ᠎ᠠ᠃     ᠲᠦᠷᠪᠡ ᠳᠤ᠂ ᠨᠡᠶᠢᠭᠡᠮ ᠤᠨ ᠡᠶ᠎ᠡ ᠵᠣᠬᠢᠴᠠᠩᠭᠤᠢ ᠲᠣᠬᠳᠡᠭᠤᠨ ᠢ ᠪᠦᠬᠦ ᠬᠦᠴᠣ ᠪᠠᠷ ᠬᠠᠮᠠᠭᠠᠯᠠᠨ᠎ᠠ᠃ ᠠᠶᠣᠯᠬᠦᠢ ᠣᠶᠢᠯᠡᠳᠪᠣᠷᠢᠯᠡᠯ ᠤᠨ ᠬᠠᠷᠢᠭᠤᠴᠠᠯᠭᠠᠳᠣ ᠲᠦᠷᠢᠮ ᠢ ᠪᠦᠬᠦ ᠲᠠᠯ᠎ᠠ ᠪᠠᠷ ᠨᠠᠶᠢᠳᠡᠪᠣᠷᠢᠵᠢᠭᠤᠯᠣᠨ᠂ ᠭᠤᠣᠯᠳᠡᠯᠭ᠎ᠠ ᠲᠠᠢ ᠣᠷᠣᠨ ᠪᠦᠰᠠ᠂ ᠭᠤᠣᠯᠳᠡᠯᠭ᠎ᠠ ᠲᠠᠢ ᠠᠵᠢᠯ ᠲᠦᠷᠣᠯ ᠤᠨ ᠬᠡᠮ ᠰᠣᠭᠤᠭ ᠢ ᠪᠠᠶᠢᠴᠠᠭᠠᠵᠣ ᠲᠣᠰᠬᠠᠢ ᠴᠡᠭᠴᠡᠯᠡᠨ ᠵᠠᠰᠠᠬᠤ ᠶᠢ ᠴᠢᠩᠭᠠᠳᠬᠠᠵᠣ᠂ ᠲᠣᠮᠣ ᠬᠦᠨᠳᠦ ᠡ᠊ ᠨᠳᠡᠯ ᠭᠠᠷᠬᠤ ᠶᠢ ᠡᠷᠡᠰ ᠰᠠᠷᠭᠡᠶᠢᠯᠡᠨ᠎ᠠ᠃ ︽ᠲᠦᠷᠪᠡ ᠶᠢ ᠴᠢᠩᠭᠠᠳᠬᠠᠬᠤ ︾ ᠱᠠᠭᠠᠷᠳᠡᠯᠭ᠎ᠠ ᠶᠢᠨ ᠶᠣᠰᠣᠭᠠᠷ᠂ ᠢᠳᠡᠭᠡᠨ ᠣᠮᠳᠡᠭᠠᠨ ᠡᠮ ᠤᠨ ᠵᠦᠢᠯᠡᠰ ᠤᠨ ᠠᠮᠣᠷ ᠲᠦᠪᠰᠢᠨ ᠤ ᠬᠢᠨᠠᠯᠳᠡ ᠬᠠᠮᠢᠶᠠᠷᠣᠯᠳᠡ ᠶᠢ ᠴᠢᠩᠭᠠᠳᠬᠠᠨ᠂ ᠣᠯᠣᠰ ᠤᠨ ᠢᠳᠡᠭᠡᠨ ᠤ ᠠᠮᠣᠷ ᠲᠦᠪᠰᠢᠨ ᠤ ᠵᠢᠱᠢᠶ᠎ᠠ ᠦᠵᠡᠬᠦᠯᠬᠦ ᠬᠤᠳᠡ ᠶᠢ ᠡᠬᠦᠳᠣᠨ ᠪᠠᠶᠢᠭᠤᠯᠬᠤ ᠠᠵᠢᠯᠯᠠᠭ᠎ᠠ ᠶᠢ ᠦᠷᠨᠢᠬᠦᠯᠵᠣ᠂ ᠠᠷᠡᠳ ᠲᠦᠮᠡᠨ ᠤ ᠢᠳᠡᠭᠡᠨ ᠣᠮᠳᠡᠭᠠᠨ ᠡᠮ ᠤᠨ ᠵᠦᠢᠯᠡᠰ ᠤᠨ ᠠᠮᠣᠷ ᠲᠦᠪᠰᠢᠨ ᠢ ᠪᠠᠲᠦᠯᠠᠨ᠎ᠠ᠃ ︽ᠭᠤᠷᠪᠡ ᠶᠢ ᠠᠯᠣᠰᠯᠠᠭᠤᠯᠬᠤ ᠭᠤᠷᠪᠡ ᠶᠢ ᠰᠠᠯᠭᠠᠬᠤ ︾ ᠵᠠᠬᠢᠳᠡᠯ ᠰᠣᠷᠪᠣᠯᠵᠢᠯᠠᠭ᠎ᠠ ᠶᠢᠨ ᠬᠠᠷᠢᠭᠤᠴᠠᠯᠭᠠᠳᠣ ᠲᠦᠷᠢᠮ᠂ ᠮᠠᠳᠡᠭᠡᠯᠡᠯ ᠤᠨ ᠬᠠᠷᠢᠭᠤᠴᠠᠯᠭᠠᠳᠣ ᠲᠦᠷᠢᠮ ᠵᠡᠷᠭᠡ ᠲᠦᠷᠢᠮ ᠤᠨ ᠪᠠᠶᠢᠭᠤᠯᠣᠯᠳᠡ ᠶᠢ ᠴᠢᠩᠭᠠᠳᠬᠠᠨ᠎ᠠ᠂ ᠠᠶᠢᠮᠠᠭ ᠬᠤᠰᠢᠭᠤ ᠶᠢᠨ ᠸᠢᠳᠢᠣ᠋ ᠰᠣᠷᠪᠣᠯᠵᠢᠯᠠᠭ᠎ᠠ ᠶᠢ ᠬᠦᠯᠢᠶᠠᠨ ᠠᠪᠬᠤ ᠰᠢᠰᠲ᠋ᠧᠮ ᠢ ᠪᠠᠶᠢᠭᠤᠯᠵᠣ᠂ ᠭᠤᠣᠯᠳᠡᠯᠭᠠᠳᠣ ᠣᠯᠡᠨ ᠲᠦᠮᠡᠨ ᠤ ᠲᠣᠬᠳᠡᠭᠤᠨ ᠢ ᠬᠠᠮᠠᠭᠠᠯᠠᠬᠤ ᠠᠵᠢᠯ ᠢ ᠰᠠᠶᠢᠳᠣᠷ ᠬᠢᠨ᠎ᠠ᠃ ᠬᠠᠷ᠎ᠠ ᠪᠦᠯᠥᠭᠳᠡᠨ ᠬᠠᠷᠬᠢᠰ ᠬᠦᠴᠣᠨ ᠢ ᠠᠷᠢᠯᠭᠠᠬᠤ ᠲᠣᠰᠬᠠᠢ ᠲᠠᠮᠠᠴᠠᠯ ᠢ ᠬᠦᠨᠵᠡᠭᠡᠢ ᠦᠷᠨᠢᠬᠦᠯᠣᠨ᠎ᠠ᠂ ᠬᠤᠯᠠᠭᠠᠶᠢᠯᠠᠨ ᠪᠤᠯᠢᠶᠠᠵᠤ ᠲᠤᠨᠤᠬᠤ ᠪᠡ ᠭᠠᠷ ᠣᠳᠡᠰᠣ ᠴᠠᠬᠢᠮ ᠮᠠᠳᠡᠭᠡ ᠰᠦᠯᠵᠢᠶ᠎ᠠ ᠪᠠᠷ ᠮᠠᠭᠡᠯᠡᠬᠦ ᠵᠡᠷᠭᠡ ᠠᠷᠠᠳ ᠤᠯᠠᠨ ᠤ ᠡᠳ᠋ ᠬᠦᠷᠣᠩᠭᠡ ᠶᠢ ᠬᠦᠨᠣᠭᠡᠬᠦ ᠶᠠᠯᠠᠳᠣ ᠠᠵᠢᠯᠯᠠᠭ᠎ᠠ ᠳᠤ ᠬᠠᠣᠯᠢ ᠶᠣᠰᠣᠭᠠᠷ ᠴᠢᠩᠭ᠎ᠠ ᠴᠣᠬᠢᠯᠳᠡ ᠦᠭᠴᠣ᠂ ᠨᠡᠶᠢᠭᠡᠮ ᠲᠣᠭᠤᠷᠢᠭ ᠤᠨ ᠴᠠᠬᠳᠡᠭᠠᠨ ᠤ ᠶᠠᠪᠣᠳᠡᠯ ᠪᠣᠯᠣᠨ ᠲᠣᠣᠷ ᠰᠦᠯᠵᠢᠶᠡᠨ ᠤ ᠬᠠᠮᠢᠶᠠᠷᠣᠯᠳᠡ ᠶᠢᠨ ᠨᠢᠬᠳᠡ ᠠᠭᠤᠰᠣᠯᠴᠠᠯ ᠢ ᠠᠬᠢᠭᠤᠯᠵᠣ᠂ ᠣᠯᠡᠨ ᠲᠦᠮᠡᠨ ᠤ ᠠᠮᠣᠷ ᠲᠦᠪᠰᠢᠨ ᠤ ᠲᠦᠷᠣᠭ᠍ᠳᠡᠯ ᠪᠣᠯᠣᠨ ᠬᠠᠨᠣᠮᠵᠢ ᠶᠢᠨ ᠲᠦᠷᠦᠭᠳᠡᠯ ᠢ ᠲᠡᠭᠡᠭᠰᠢᠯᠠᠬᠦᠯᠣᠨ᠎ᠠ᠃ ᠦᠨᠳᠣᠰᠣᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶ᠎ᠡ ᠦᠵᠡᠭᠦᠯᠬᠦ ᠠᠶᠢᠮᠠᠭ ᠤᠨ ᠪᠦᠳᠣᠭᠡᠨ ᠪᠠᠶᠢᠭᠤᠯᠣᠯᠳᠡ ᠶᠢ ᠪᠦᠬᠦ ᠲᠠᠯ᠎ᠠ ᠪᠠᠷ ᠲᠦᠯᠬᠢᠨ ᠠᠬᠢᠭᠤᠯᠵᠣ᠂ ᠨᠢᠭᠡ ᠪᠦᠯᠥᠭ ᠴᠦᠭᠡᠨ ᠲᠣᠭᠠᠳᠣ ᠦᠨᠳᠣᠰᠣᠳᠡᠨ ᠤ ᠣᠨᠴᠠᠯᠢᠬᠳᠣ ᠲᠣᠰᠬᠤᠨ ᠢ ᠦᠷᠬᠦᠯᠵᠢᠯᠡᠨ ᠪᠠᠶᠢᠭᠤᠯᠵᠣ᠂ ︽ᠪᠦᠬᠦ ᠣᠯᠣᠰ ᠤᠨ ᠦᠨᠳᠣᠰᠣᠳᠡᠨ ᠤ ᠪᠦᠯᠬᠦᠮᠳᠡᠯ ᠲᠠᠪᠰᠢᠯᠳᠡ ᠶᠢ ᠡᠬᠦᠳᠣᠨ ᠪᠠᠶᠢᠭᠤᠯᠬᠤ ᠠᠵᠢᠯᠯᠠᠭ᠎ᠠ ᠶᠢᠨ ᠵᠢᠱᠢᠶ᠎ᠠ ᠦᠵᠡᠬᠦᠯᠬᠦ ᠠᠶᠢᠮᠠᠭ ︾ ᠤᠨ ᠨᠠᠷ᠎ᠡ ᠠᠯᠳᠡᠷᠰᠢᠯ ᠪᠡ ᠨᠦᠯᠣᠭᠡᠯᠡᠬᠦ ᠬᠦᠴᠣᠨ ᠢ ᠦᠷᠭᠡᠳᠭᠡᠨ᠎ᠠ᠃    ︵ᠵᠢᠷᠭᠤᠭ᠎ᠠ ︶ ᠠᠵᠢᠯ ᠤᠨ ᠨᠠᠶᠢᠳᠡᠪᠣᠷᠢᠵᠢᠭᠤᠯᠣᠯᠳᠡ ᠶᠢ ᠴᠢᠩᠭᠠᠳᠬᠠᠵᠣ᠂ ᠡᠯ᠎ᠠ ᠰᠢᠢᠳᠪᠣᠷᠢᠳᠣ ᠪᠣᠳᠣᠯᠭ᠎ᠠ ᠶᠢᠨ ᠪᠠᠶᠢᠷᠢᠯᠠᠭᠤᠯᠣᠯᠳᠡ ᠶᠢ ᠲᠤᠤᠱᠲᠠᠢ ᠨᠠᠶᠢᠳᠠᠪᠦᠷᠢᠵᠢᠭᠤᠯᠬᠤ ᠶᠢ ᠪᠠᠲᠦᠯᠠᠨ᠎ᠠ᠃ ᠲᠦᠷᠣ ᠶᠢᠨ ᠪᠣᠳᠣᠯᠭ᠎ᠠ ᠶᠢ ᠨᠠᠶᠢᠳᠡᠪᠣᠷᠢᠵᠢᠭᠤᠯᠬᠤ ᠪᠣᠯ ᠬᠠᠮᠤᠭ ᠭᠤᠣᠯ᠂ ᠨᠠᠶᠢᠳᠡᠪᠣᠷᠢᠵᠢᠭᠤᠯᠣᠯᠳᠡ ᠳᠤ ᠭᠡᠷᠡᠭᠵᠢᠬᠦᠯᠬᠦ ᠨᠢ ᠬᠠᠮᠤᠭ ᠴᠢᠬᠤᠯᠡ ᠶᠣᠮ᠃ ᠮᠠᠨ ᠤ ᠠᠶᠢᠮᠠᠭ ᠤᠨ ᠴᠢᠨᠠᠷ ᠰᠠᠶᠢᠳᠡᠢ ᠲᠠᠪᠡᠯᠳᠠᠳᠤ ᠬᠦᠭᠵᠢᠯᠳᠡ ᠶᠢ ᠪᠠᠶᠠᠯᠠᠬᠦᠯᠬᠦ ᠳᠤ ᠭᠤᠣᠯᠳᠡᠭᠤ ᠨᠠᠶᠢᠳᠡᠪᠣᠷᠢᠵᠢᠭᠤᠯᠣᠯᠳᠡ ᠶᠢ ᠴᠢᠩᠭ᠎ᠠ ᠠᠳᠬᠤᠬᠤ ᠳᠤ ᠪᠠᠶᠢᠵᠣ᠂ ᠭᠡᠷᠡᠭᠵᠢᠬᠦᠯᠬᠦ ᠬᠦᠴᠣᠨ ᠪᠣᠯᠣᠨ ᠪᠠᠶᠢᠯᠳᠣᠬᠤ ᠬᠦᠴᠣᠨ ᠢᠶᠠᠨ ᠲᠠᠰᠣᠷᠡᠯᠳᠡ ᠦᠭᠡᠢ ᠳᠡᠭᠡᠭᠰᠢᠯᠡᠭᠦᠯᠦᠨ᠎ᠡ᠃     ᠨᠢᠭᠡ ᠳᠤ᠂ ᠵᠣᠬᠰᠣᠴᠠ ᠪᠠᠨ ᠲᠡᠭᠡᠭᠰᠢᠯᠠᠬᠦᠯᠵᠣ᠂ ᠲᠠᠷᠢᠬᠦᠨ ᠤ ᠬᠢ ᠪᠣᠯᠬᠤ ᠪᠠᠷ ᠴᠢᠷᠮᠠᠶᠢᠨ᠎ᠠ᠃ ︽ᠲᠦᠷᠪᠡᠨ ᠣᠬᠠᠮᠰᠠᠷ ︾ ᠢ ᠪᠠᠳᠣ ᠱᠣᠭᠤᠵᠣ᠂ ︽ᠲᠦᠷᠪᠡᠨ ᠢᠳᠡᠭᠡᠯ ︾ ᠢ ᠪᠠᠳᠣᠳᠬᠠᠨ᠂ ︽ᠬᠤᠶᠠᠷ ᠢ ᠬᠠᠮᠠᠭᠠᠯᠠᠬᠤ ︾ ᠢ ᠡᠷᠡᠰ ᠬᠦᠢᠴᠡᠳᠭᠡᠵᠣ᠂ ᠣᠯᠣᠰ ᠲᠦᠷᠣ ᠶᠢᠨ ᠣᠬᠠᠮᠰᠠᠷ᠂ ᠦᠵᠡᠯ ᠰᠠᠨᠠᠭᠠᠨ ᠤ ᠣᠬᠠᠮᠰᠠᠷ᠂ ᠣᠶᠢᠯᠡ ᠠᠵᠢᠯᠯᠠᠭ᠎ᠠ ᠶᠢᠨ ᠣᠬᠠᠮᠰᠠᠷ ᠢ ᠲᠠᠰᠣᠷᠡᠯᠳᠡ ᠦᠭᠡᠢ ᠴᠢᠩᠭᠠᠳᠬᠠᠨ ᠨᠠᠶᠢᠳᠡᠪᠣᠷᠢᠵᠢᠭᠤᠯᠣᠨ᠎ᠠ᠃ ᠴᠢᠨᠠᠷ ᠰᠠᠶᠢᠳᠡᠢ ᠲᠠᠪᠠᠯᠳᠡᠳᠤ ᠬᠦᠭᠵᠢᠯᠳᠡ ᠶᠢᠨ ᠵᠠᠮ ᠳᠤ᠂ ᠪᠠᠶᠢᠭᠤᠯᠤᠯᠭ᠎ᠠ ᠨᠢᠭᠡᠴᠠ ᠪᠦᠷᠢ᠂ ᠺᠡᠳ᠋ᠷ ᠪᠦᠬᠦᠨ ︽ᠪᠣᠳᠡᠳᠡᠢ ᠠᠵᠢᠯᠯᠠᠭ᠎ᠠ ᠶᠢ ᠴᠢᠬᠤᠯᠡᠴᠢᠯᠡᠵᠣ᠂ ᠭᠡᠷᠡᠭᠵᠢᠬᠦᠯᠬᠦ ᠶᠢ ᠴᠢᠩᠭᠠᠳᠬᠠᠨ᠂ ᠨᠠᠶᠢᠳᠡᠪᠣᠷᠢᠵᠢᠭᠤᠯᠬᠤ ᠶᠢ ᠴᠢᠩᠭᠠᠳᠬᠠᠬᠤ ︾ ᠱᠠᠭᠠᠷᠳᠡᠯᠭ᠎ᠠ ᠶᠢᠨ ᠶᠣᠰᠣᠭᠠᠷ ᠴᠢᠷᠮᠠᠶᠢᠨ ᠲᠠᠮᠠᠴᠠᠵᠣ ᠣᠷᠣᠬᠰᠢᠯᠡᠨ ᠲᠠᠪᠰᠢᠵᠣ᠂ ᠪᠣᠳᠡᠳᠡᠢ ᠠᠵᠢᠯᠯᠠᠬᠤ᠂ ᠬᠦᠢᠴᠡᠳᠭᠡᠨ ᠭᠡᠷᠡᠭᠵᠢᠬᠦᠯᠬᠦ᠂ ᠨᠠᠶᠢᠳᠡᠪᠣᠷᠢᠵᠢᠭᠤᠯᠬᠤ ᠳᠤ ᠬᠦᠴᠣ ᠪᠠᠨ ᠲᠦᠪᠯᠡᠷᠡᠬᠦᠯᠵᠣ᠂ ᠠᠷᠡᠳ ᠢᠶᠠᠨ ᠴᠢᠨᠠᠭᠡᠯᠢᠭᠵᠢᠬᠦᠯᠣᠨ ᠠᠶᠢᠮᠠᠭ ᠢᠶᠠᠨ ᠬᠦᠴᠣᠷᠭᠡᠭᠵᠢᠬᠦᠯᠬᠦ ︽ᠬᠦᠰᠠᠯ ᠢᠶᠠᠨ ᠪᠡᠶᠡᠯᠡᠭᠦᠯᠦᠭᠴᠢ ︾ ᠪᠤᠯᠬᠤ ᠬᠡᠷᠡᠭᠳᠡᠢ᠃ ᠠᠶᠢᠮᠠᠭ ᠤᠨ ᠨᠠᠮ ᠤᠨ ᠬᠤᠷᠢᠶ᠎ᠠ ᠶᠢᠨ ᠶᠠᠷᠣᠩᠭᠡᠢ ᠪᠠᠶᠢᠷᠢᠯᠠᠭᠤᠯᠣᠯᠳᠡ ᠪᠣᠯᠣᠨ ᠲᠣᠰ ᠣᠳᠡᠭᠠᠨ ᠤ ᠬᠤᠷᠡᠯ ᠳᠤ ᠲᠣᠬᠳᠡᠭᠠᠬᠰᠠᠨ ᠬᠠᠷᠡᠯᠳᠡ ᠡᠬᠦᠷᠭᠡ ᠶᠢᠨ ᠲᠣᠭᠤᠷᠢᠨ ᠳᠤ᠂ ᠦᠨᠡᠨ ᠬᠦ ᠭᠡᠷᠡᠭᠵᠢᠬᠦᠯᠵᠣ ᠪᠣᠯᠬᠤᠶᠢᠴᠠ ᠪᠣᠳᠡᠳᠡᠢ ᠠᠷᠭ᠎ᠠ ᠬᠡᠮᠵᠢᠶ᠎ᠠ ᠶᠢ ᠰᠣᠳᠣᠯᠣᠨ ᠲᠣᠬᠳᠡᠭᠠᠵᠣ᠂ ᠡᠬᠦᠷᠭᠡ ᠬᠠᠷᠢᠭᠤᠴᠠᠯᠭᠠᠳᠣ ᠪᠢᠴᠢᠭ᠂ ᠴᠠᠭ ᠤᠨ ᠬᠦᠰᠣᠨᠥᠭ ᠪᠣᠯᠣᠨ ᠬᠠᠷᠢᠭᠤᠴᠠᠯᠭᠠᠳᠡᠨ ᠢ ᠲᠣᠳᠣᠷᠬᠠᠶᠢᠯᠠᠵᠣ᠂ ᠡᠯ᠎ᠠ ᠠᠵᠢᠯ ᠤᠨ ᠡᠬᠦᠷᠭᠡ ᠶᠢ ᠲᠤᠤᠱᠲᠠᠢ ᠨᠠᠶᠢᠳᠡᠪᠣᠷᠢᠵᠢᠭᠤᠯᠬᠤ ᠶᠢ ᠪᠠᠳᠣᠯᠠᠨ᠎ᠠ᠃     ᠬᠤᠶᠠᠷ ᠲᠤ᠂ ᠬᠦᠴᠢᠷ ᠢ ᠢᠯᠠᠨ ᠳᠠᠪᠠᠵᠦ ᠲᠦᠭᠰᠢᠬᠦᠷᠢ ᠶᠢ ᠠᠷᠢᠯᠭᠠᠨ ᠤᠰᠠᠳᠬᠠᠬᠤ ᠪᠠᠷ ᠴᠢᠷᠮᠠᠶᠢᠨ᠎ᠠ᠃ ᠬᠢᠩᠭᠠᠨ ᠤ ᠡᠷᠳᠡ ᠴᠢᠯᠣᠭᠡᠯᠡᠭᠳᠡᠭᠰᠠᠨ ᠣᠷᠣᠨ ᠤ ᠬᠢᠨ ᠬᠠᠳᠡᠭᠤᠵᠢᠯᠳᠡᠢ ᠲᠡᠮᠡᠴᠠᠨ᠂ ᠦᠨᠡᠨ ᠢ ᠬᠦᠭᠡᠭᠡᠴᠠᠯᠳᠣᠨ ᠪᠤᠲᠠᠲᠠᠢ ᠶᠢ ᠡᠷᠬᠢᠮᠯᠠᠬᠦ ᠰᠠᠶᠢᠨ ᠣᠯᠠᠮᠵᠢᠯᠠᠯ᠂ ᠰᠠᠶᠢᠨ ᠬᠡᠪ ᠰᠣᠷᠳᠡᠯ ᠢ ᠦᠷᠬᠦᠯᠵᠢᠯᠡᠨ ᠪᠠᠳᠡᠷᠡᠭᠤᠯᠣᠨ᠎ᠠ᠂ ᠦᠨᠡᠨ ᠦᠭᠡ ᠬᠡᠯᠡᠵᠣ᠂ ᠪᠣᠳᠡᠳᠡᠢ ᠶᠠᠪᠣᠳᠡᠯ ᠬᠢᠵᠣ᠂ ᠪᠣᠳᠡᠳᠣ ᠠᠷᠭ᠎ᠠ ᠬᠡᠮᠵᠢᠶ᠎ᠠ ᠲᠣᠷᠡᠳᠣᠨ᠂ ᠪᠣᠳᠡᠳᠣ ᠦᠷ᠎ᠡ ᠪᠦᠳᠣᠮᠵᠢ ᠶᠢ ᠬᠦᠭᠡᠭᠡᠴᠠᠯᠳᠣᠬᠦ ᠶᠢ ᠪᠠᠷᠢᠮᠳᠡᠯᠡᠵᠣ᠂ ᠬᠠᠳᠡᠭᠠᠰᠣᠨ ᠤ ᠵᠣᠷᠢᠭ ᠰᠠᠨᠠᠭ᠎ᠠ ᠪᠠᠷ ᠡᠯ᠎ᠠ ᠠᠵᠢᠯ ᠢ ᠨᠠᠷᠢᠯᠢᠬᠵᠢᠭᠤᠯᠵᠣ ᠪᠣᠳᠡᠳᠡᠶᠢᠵᠢᠭᠤᠯᠣᠨ᠎ᠠ᠃ ᠨᠡᠩ ᠣᠯᠡᠨ ᠴᠠᠭ ᠵᠠᠷᠣᠴᠠᠭᠤᠯᠵᠣ ᠦᠨᠳᠣᠰᠣᠨ ᠱᠠᠳᠣ᠂ ᠣᠯᠡᠨ ᠲᠦᠮᠡᠨ ᠤ ᠲᠣᠮᠳᠡ ᠬᠦᠨᠵᠡᠭᠡᠶᠢᠷᠡᠵᠣ᠂ ᠣᠯᠡᠨ ᠲᠦᠮᠡᠨ ᠤ ᠬᠦᠰᠠᠯ ᠪᠣᠳᠣᠯ ᠢ ᠦᠨᠡᠨᠬᠦ ᠤᠶᠢᠯᠠᠭᠠᠨ᠎ᠠ᠃ ᠡᠯ᠎ᠠ ᠭᠤᠣᠯᠳᠡᠯᠭᠠᠳᠣ ᠬᠦᠴᠢᠷᠳᠡᠯᠳᠡᠢ ᠠᠵᠢᠯ ᠢ ᠪᠦᠷ ᠣᠶᠢᠯᠡᠳᠣᠯᠭᠡ ᠶᠢᠨ ᠲᠣᠮᠳᠡ ᠠᠴᠠ ᠠᠷᠭ᠎ᠠ ᠪᠣᠳᠣᠯᠭ᠎ᠠ ᠰᠠᠳᠬᠢᠨ ᠰᠦᠪᠡᠭᠴᠢᠯᠡᠵᠣ᠂ ᠪᠤᠲᠠᠲᠠᠢ ᠪᠠᠶᠢᠳᠠᠯ ᠳᠠᠭᠠᠨ ᠲᠤᠬᠢᠷᠠᠭᠤᠯᠤᠨ ᠠᠷᠭ᠎ᠠ ᠬᠡᠮᠵᠢᠶ᠎ᠠ ᠲᠣᠷᠡᠳᠴᠣ᠂ ᠬᠦᠢᠴᠡᠳᠭᠡᠬᠦ ᠬᠦᠴᠣᠨ᠂ ᠰᠢᠨ᠎ᠠ ᠶᠢ ᠡᠬᠦᠳᠬᠦ ᠬᠦᠴᠣᠨ ᠪᠡ ᠪᠠᠶᠢᠯᠳᠣᠬᠤ ᠬᠦᠴᠣᠨ ᠢ ᠲᠠᠰᠣᠷᠡᠯᠳᠡ ᠦᠭᠡᠢ ᠲᠡᠭᠡᠭᠰᠢᠯᠠᠬᠦᠯᠣᠨ᠎ᠠ᠃     ᠭᠤᠷᠪᠡ ᠳᠤ᠂ ᠡᠬᠦᠷᠭᠡ ᠬᠠᠷᠢᠭᠤᠴᠠᠯᠭ᠎ᠠ ᠪᠠᠨ ᠲᠣᠳᠣᠷᠬᠠᠶᠢᠯᠠᠵᠣ᠂ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠨ᠎ᠠ᠃ ᠣᠳᠣᠬᠠᠨ ᠳᠤ ᠪᠦᠬᠦ ᠠᠶᠢᠮᠠᠭ ᠤᠨ ᠪᠠᠶᠢᠭᠤᠯᠣᠮᠵᠢ ᠶᠢᠨ ᠦᠭᠡᠷᠡᠴᠢᠯᠠᠯᠳᠡ ᠶᠢ ᠣᠳᠡᠯ ᠦᠭᠡᠢ ᠦᠷᠨᠢᠬᠦᠯᠬᠦ ᠪᠠᠷ ᠪᠣᠢ᠂ ᠨᠢᠭᠡ ᠪᠦᠯᠦᠭ ᠰᠠᠯᠠᠭ᠎ᠠ ᠮᠦᠴᠢᠷ ᠢ ᠲᠠᠬᠢᠨ ᠵᠣᠬᠢᠶᠠᠨ ᠪᠠᠶᠢᠭᠤᠯᠬᠤ ᠪᠣᠶᠣ ᠣᠶᠢᠯᠡᠳᠣᠯ ᠴᠢᠳᠡᠪᠬᠢ ᠶᠢ ᠨᠠᠶᠢᠯᠠᠬᠦᠯᠣᠨ ᠨᠢᠭᠡᠳᠭᠡᠬᠦ ᠠᠰᠠᠭᠤᠳᠡᠯ ᠲᠣᠯᠭᠠᠷᠡᠨ᠎ᠠ᠂ ᠡᠯ᠎ᠠ ᠨᠢᠭᠡᠴᠠ ᠲᠠᠷᠣᠢ ᠲᠦᠷᠭᠡᠨ ᠢᠶᠠᠷ ᠰᠢᠨ᠎ᠠ ᠪᠠᠶᠢᠳᠡᠯ ᠳᠤ ᠪᠠᠨ ᠵᠤᠬᠢᠴᠠᠨ᠂ ᠰᠢᠨ᠎ᠠ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠵᠣ᠂ ᠰᠢᠨ᠎ᠠ ᠲᠣᠬᠳᠡᠴᠠ ᠪᠠᠨ ᠲᠠᠬᠦᠯᠳᠡᠷᠵᠢᠬᠦᠯᠬᠦ ᠭᠡᠷᠡᠭᠳᠡᠢ᠃ ᠣᠶᠣᠨ ᠰᠠᠨᠠᠭᠠᠨ ᠤ ᠲᠦᠷᠢ ᠲᠦᠷᠬᠦ᠂ ᠣᠶᠢᠯᠡᠴᠢᠯᠡᠭᠡᠨ ᠤ ᠬᠢᠷᠢ ᠲᠦᠪᠰᠢᠨ᠂ ᠵᠠᠰᠠᠭ ᠵᠠᠬᠢᠷᠭᠠᠨ ᠤ ᠴᠢᠳᠡᠪᠬᠢ ᠵᠡᠷᠭᠡ ᠲᠠᠯ᠎ᠠ ᠪᠠᠷ ᠰᠢᠨ᠎ᠠ ᠲᠦᠷᠢ ᠲᠦᠷᠬᠦ ᠶᠢ ᠢᠯᠡᠷᠡᠬᠦᠯᠵᠣ᠂ ᠰᠢᠨ᠎ᠠ ᠵᠢᠳᠬᠦᠯ ᠴᠢᠷᠮᠠᠶᠢᠯᠠᠭ᠎ᠠ ᠭᠠᠷᠭᠠᠨ᠎ᠠ᠃ ᠰᠠᠨᠠᠭᠠᠴᠢᠯᠠᠭ᠎ᠠ ᠠᠴᠠ ᠪᠠᠨ ᠣᠯᠣᠰ ᠤᠨ ᠬᠤᠯᠪᠣᠬᠳᠡᠯ ᠪᠦᠬᠦᠢ ᠨᠠᠮ ᠤᠨ ᠬᠤᠷᠢᠶ᠎ᠠ᠂ ᠦᠪᠡᠷᠳᠡᠭᠡᠨ ᠵᠠᠰᠠᠬᠤ ᠣᠷᠣᠨ ᠤ ᠠᠵᠢᠯ ᠲᠦᠷᠣᠯ ᠢᠶᠠᠷ ᠬᠠᠪᠰᠣᠷᠣᠨ ᠲᠠᠳᠬᠦᠬᠦ ᠲᠢᠩᠬᠢᠮ ᠲᠣᠪᠴᠢᠶ᠎ᠠ ᠲᠠᠢ ᠢᠳᠡᠪᠬᠢᠯᠡᠨ ᠬᠠᠷᠢᠯᠴᠠᠵᠣ᠂ ᠨᠡᠩ ᠣᠯᠡᠨ ᠲᠦᠷᠣᠯ ᠵᠦᠢᠯ ᠤᠨ ᠪᠡᠯᠡ ᠮᠦᠩᠬᠦ ᠶᠢᠨ ᠲᠡᠮᠵᠢᠯᠭᠡ ᠶᠢ ᠣᠯᠬᠤ ᠪᠠᠷ ᠴᠢᠷᠮᠠᠶᠢᠨ᠎ᠠ᠃ ᠲᠦᠷᠪᠡ ᠳᠤ᠂ ᠲᠦᠷᠢᠮ ᠲᠣᠬᠳᠡᠭᠠᠯ ᠢ ᠪᠠᠶᠢᠭᠤᠯᠵᠣ᠂ ᠵᠣᠷᠢᠬᠳᠡᠢ ᠪᠠᠷ ᠭᠡᠷᠡᠭᠵᠢᠬᠦᠯᠣᠨ᠎ᠠ᠃ ᠬᠢᠨᠠᠨ ᠰᠢᠯᠭᠠᠬᠤ ᠰᠢᠰᠲ᠋ᠧᠮ ᠢ ᠲᠡᠬᠦᠯᠳᠡᠷᠵᠢᠬᠦᠯᠵᠣ᠂ ᠬᠢᠨᠡᠨ ᠰᠢᠯᠭᠠᠬᠤ ᠪᠠᠷᠢᠮᠵᠢᠶ᠎ᠠ ᠶᠢ ᠬᠡᠮᠵᠢᠶᠠᠯᠠᠵᠣ ᠨᠠᠷᠢᠯᠢᠬᠵᠢᠭᠤᠯᠵᠣ᠂ ︽ᠬᠡᠨᠭᠭᠡᠷᠭᠡ ᠲᠡᠯᠡᠰᠴᠦ ᠲᠠᠶᠢᠨ ᠬᠢᠬᠦ ︾ ᠵᠡᠷᠭᠡ ᠠᠵᠢᠯ ᠤᠨ ᠠᠷᠭ᠎ᠠ ᠬᠡᠮᠵᠢᠶ᠎ᠠ ᠶᠢ ᠦᠷᠬᠦᠯᠵᠢᠯᠡᠨ ᠭᠡᠷᠡᠭᠵᠢᠬᠦᠯᠵᠣ᠂ ᠡᠯ᠎ᠠ ᠭᠤᠣᠯᠳᠡᠯᠭ᠎ᠠ ᠲᠠᠢ ᠠᠵᠢᠯ᠂ ᠭᠤᠣᠯᠳᠡᠯᠭ᠎ᠠ ᠲᠠᠢ ᠲᠦᠷᠣᠯ ᠵᠦᠢᠯ ᠤᠨ ᠴᠠᠭ ᠢ ᠪᠦᠷ ᠲᠣᠩᠭᠤᠷᠤᠤ ᠵᠢᠬᠰᠠᠭᠠᠵᠣ᠂ ᠡᠳᠣᠷ ᠲᠣᠳᠣᠮ ᠤᠨ ᠲᠣᠬᠢᠷᠡᠭᠤᠯᠣᠯᠳᠡ ᠶᠢ ᠴᠢᠩᠭᠠᠳᠬᠠᠨ᠎ᠠ᠂ ︽ᠰᠢᠢᠳᠪᠣᠷᠢᠳᠣ ᠪᠣᠳᠣᠯᠭ᠎ᠠ ᠶᠢ ᠲᠣᠬᠳᠡᠭᠠᠵᠣ᠂ ᠲᠣᠬᠳᠡᠭᠠᠬᠰᠠᠨ ᠪᠦᠬᠦᠨ ᠢ ᠭᠡᠷᠡᠭᠵᠢᠬᠦᠯᠵᠣ᠂ ᠠᠵᠢᠯ ᠢ ᠲᠣᠣᠱᠳᠡᠢ ᠬᠦᠢᠴᠡᠳᠭᠡᠵᠣ᠂ ᠠᠵᠢᠯ ᠪᠦᠬᠦᠨ ᠢ ᠨᠠᠶᠢᠳᠡᠪᠣᠷᠢᠵᠢᠭᠤᠯᠬᠤ ︾ ᠶᠢ ᠬᠦᠢᠴᠡᠳᠭᠡᠨ᠎ᠠ᠃ ᠱᠠᠭᠠᠷᠳᠡᠨ ᠪᠠᠶᠢᠴᠠᠭᠠᠬᠤ ᠬᠢᠨᠠᠨ ᠰᠢᠯᠭᠠᠬᠤ ᠶᠢᠨ ︽ᠲᠣᠬᠢᠭᠤᠷ ︾ ︽ᠰᠠᠯᠬᠢᠨ ᠤ ᠵᠦᠭᠯᠡᠬᠦᠷ ︾ ᠤᠨ ᠣᠶᠢᠯᠡᠳᠣᠯ ᠢ ᠬᠦᠢᠴᠡᠳ ᠪᠠᠳᠡᠷᠡᠭᠤᠯᠵᠣ᠂ ᠴᠢᠩᠭ᠎ᠠ ᠬᠢᠨᠠᠨ ᠰᠢᠯᠭᠠᠵᠤ ᠱᠠᠩᠨᠠᠨ ᠬᠦᠬᠢᠭᠦᠯᠬᠦ ᠪᠠᠷ ᠠᠵᠢᠯ ᠤᠨ ᠨᠠᠶᠢᠳᠡᠪᠣᠷᠢᠵᠢᠭᠤᠯᠣᠯᠳᠡ ᠶᠢ ᠠᠬᠢᠭᠤᠯᠵᠣ᠂ ᠵᠠᠰᠠᠭ ᠤᠨ ᠵᠢᠭᠠᠪᠤᠷᠢ ᠵᠠᠷᠯᠢᠭ ᠢ ᠰᠠᠭᠠᠳ ᠦᠭᠡᠢ ᠬᠡᠷᠡᠭᠵᠢᠬᠦᠯᠣᠨ᠂ ᠵᠠᠷᠯᠢᠭ ᠢ ᠴᠢᠩᠭ᠎ᠠ ᠪᠠᠶᠠᠯᠠᠬᠦᠯᠬᠦ ᠶᠢ ᠪᠠᠲᠦᠯᠠᠨ᠎ᠠ᠃     ᠨᠦᠬᠦᠳ ᠡ᠂ ᠬᠦᠰᠠᠯ ᠤᠨ ᠵᠢᠬᠦᠷ ᠢᠶᠠᠨ ᠲᠡᠯᠭᠡᠨ᠂ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠵᠣ᠂ ᠣᠷᠣᠬᠰᠢᠯᠡᠨ ᠲᠠᠪᠰᠢᠬᠤ ᠡᠨᠡ ᠬᠦ ᠰᠠᠶᠢᠬᠠᠨ ᠴᠠᠭ ᠮᠦᠴᠠ ᠳᠤ᠂ ᠪᠢᠳᠡᠨ ᠰᠢ ᠶᠢᠨ ᠫᠢᠩ ᠨᠦᠬᠦᠷ ᠢᠶᠠᠷ ᠭᠤᠤᠯ ᠪᠣᠯᠭᠠᠬᠰᠠᠨ ᠨᠠᠮ ᠤᠨ ᠲᠦᠪ ᠬᠤᠷᠢᠶᠠᠨ ᠤ ᠲᠣᠭᠤᠷᠢᠨ ᠳᠤ ᠨᠡᠩ ᠨᠢᠬᠳᠠᠷᠠᠨ ᠪᠦᠯᠬᠦᠮᠳᠡᠵᠦ᠂ ᠠᠶᠢᠮᠠᠭ ᠤᠨ ᠨᠠᠮ ᠤᠨ ᠬᠤᠷᠢᠶᠠᠨ ᠤ ᠴᠢᠩᠭ᠎ᠠ ᠣᠳᠣᠷᠢᠳᠣᠯᠭ᠎ᠠ ᠲᠣᠣᠷ᠎ᠡ᠂ ᠠᠶᠢᠮᠠᠭ ᠤᠨ ᠠᠷᠡᠳ ᠤᠨ ᠲᠦᠯᠣᠭᠡᠯᠡᠭᠴᠢᠳ ᠤᠨ ᠶᠡᠭᠡ ᠬᠤᠷᠡᠯ ᠤᠨ ᠠᠵᠢᠯ ᠤᠨ ᠵᠦᠪᠯᠡᠯ᠂ ᠠᠶᠢᠮᠠᠭ ᠤᠨ ᠣᠯᠣᠰ ᠲᠦᠷᠣ ᠶᠢᠨ ᠵᠦᠪᠯᠡᠯᠭᠡᠨ ᠤ ᠬᠢᠨᠠᠯᠳᠡ ᠲᠠᠮᠵᠢᠯᠭᠡ ᠲᠣᠣᠷ᠎ᠡ᠂ ᠪᠦᠬᠦ ᠠᠶᠢᠮᠠᠭ ᠤᠨ ᠡᠯ᠎ᠠ ᠦᠨᠳᠣᠰᠣᠳᠡᠨ ᠤ ᠠᠷᠡᠳ ᠲᠦᠮᠡᠨ ᠢ ᠪᠦᠯᠬᠦᠮᠳᠡᠭᠦᠯᠦᠨ ᠲᠠᠶᠢᠴᠢᠯᠠᠵᠣ᠂ ᠢᠲᠡᠭᠡᠯ ᠲᠡᠭᠦᠯᠳᠡᠷ ᠵᠣᠷᠢᠭ ᠰᠠᠨᠠᠭ᠎ᠠ ᠪᠠᠷ᠂ ᠪᠣᠳᠡᠳᠡᠢ ᠶᠢ ᠡᠷᠬᠢᠮᠯᠡᠬᠦ ᠬᠡᠪ ᠰᠣᠷᠳᠡᠯ ᠢᠶᠠᠷ᠂ ᠪᠦᠲᠦᠮᠵᠢᠲᠠᠢ ᠰᠠᠶᠢᠬᠠᠨ ᠠᠷᠭ᠎ᠠ ᠬᠡᠮᠵᠢᠶ᠎ᠠ ᠪᠠᠷ᠂ ᠣᠭ ᠰᠠᠨᠠᠭ᠎ᠠ ᠪᠠᠨ ᠦᠯᠣ ᠮᠠᠷᠳᠡᠨ᠂ ᠡᠷᠡᠯᠭᠡᠭᠯᠡᠨ ᠣᠷᠣᠬᠰᠢᠯᠠᠵᠣ᠂ ᠠᠷᠡᠳ ᠴᠢᠨᠠᠭᠡᠯᠢᠭᠵᠢᠨ ᠠᠶᠢᠮᠠᠭ ᠬᠦᠴᠣᠷᠭᠡᠭᠵᠢᠭᠰᠡᠨ᠂ ᠴᠢᠨᠠᠭᠡᠯᠢᠭ ᠨᠠᠶᠢᠭᠡᠮ ᠢ ᠪᠦᠬᠦ ᠲᠠᠯ᠎ᠠ ᠪᠠᠷ ᠪᠠᠶᠠᠯᠠᠬᠦᠯᠬᠦ ᠢᠯᠠᠯᠳᠡ ᠶᠢ ᠲᠡᠮᠡᠴᠡᠨ ᠤᠯᠵᠦ᠂ ᠬᠢᠩᠭᠠᠨ ᠤ ᠴᠢᠨᠠᠷ ᠰᠠᠶᠢᠳᠡᠢ ᠲᠠᠪᠠᠯᠳᠠᠳᠤ ᠬᠦᠭᠵᠢᠯᠳᠡ ᠶᠢ ᠪᠠᠶᠠᠯᠠᠬᠦᠯᠬᠦ ᠪᠠᠷ ᠴᠢᠷᠮᠡᠶᠢᠨ ᠲᠠᠮᠠᠴᠠᠵᠡᠭᠡᠶ᠎ᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号